ᠬᠠᠨ ᠬᠡᠨᠲᠡᠢ ᠠᠭᠤᠯᠠ ᠶᠢᠨ ᠠᠶᠢᠮᠠᠭ ᠪᠠᠢᠭᠤᠯᠤᠭᠳᠠᠭᠰᠠᠨ ᠤ ᠲᠡᠦᠬᠡᠲᠦ 100 ᠵᠢᠯ ᠦᠨ ᠣᠢ ᠡᠨᠡ ᠰᠠᠷ᠎ᠠ ᠶᠢᠨ 27-28 ᠤ ᠡᠳᠦᠷ ᠦᠳ ᠲᠦ ᠪᠣᠯᠤᠨ᠎ᠠ᠃
ᠣᠢ ᠶᠢ ᠵᠣᠬᠢᠶᠠᠨ ᠪᠠᠶᠢᠭᠤᠯᠬᠤ ᠺᠣᠮᠢᠰ ᠠᠴᠠ ᠵᠣᠴᠢᠳ ᠭᠡᠶᠢᠴᠢᠳ ᠲᠦ ᠪᠡᠨ ᠵᠣᠷᠢᠭᠤᠯᠤᠨ ᠭᠠᠷᠭᠠᠭᠰᠠᠨ 《ᠬᠡᠨᠲᠡᠢ-100》 ᠴᠠᠬᠢᠮ ᠬᠥᠲᠥᠴᠢ ᠡᠴᠡ ᠬᠠᠷᠠᠪᠠᠯ᠂ ᠨᠠᠭᠠᠳᠤᠮ ᠤᠨ ᠡᠳᠦᠷ ᠦᠳ ᠲᠦ《ᠳᠡᠪᠡᠯ ᠲᠡᠢ ᠮᠣᠩᠭᠣᠯ ᠨᠠᠭᠠᠳᠤᠮ》᠂《ᠬᠠᠨ ᠬᠡᠨᠲᠡᠢ ᠶᠢᠨ ᠨᠡᠭᠦᠳᠡᠯᠴᠢᠳ-2023》ᠰᠤᠶᠤᠯ ᠤᠨ ᠪᠡᠶᠡᠲᠦ ᠪᠤᠰᠤ ᠥᠪ ᠦᠨ ᠨᠠᠭᠠᠳᠤᠮ᠂《COLORFUL》ᠬᠥᠭᠵᠢᠮ ᠦᠨ ᠦᠵᠡᠭᠦᠯᠦᠯᠭᠡ᠂ ᠰᠡᠴᠡᠨ ᠬᠠᠨ ᠤ ᠣᠷᠳᠣᠨ ᠮᠦᠽᠧᠢ ᠶᠢᠨ ᠨᠡᠭᠡᠭᠡᠯᠲᠡ᠂《ᠬᠠᠭᠠᠳ ᠤᠨ ᠲᠡᠦᠬᠡᠲᠦ-ᠬᠠᠨ ᠬᠡᠨᠲᠡᠢ》ᠭᠡᠷᠡᠯ ᠵᠢᠷᠤᠭ ᠤᠨ ᠴᠣᠮᠣᠭ ᠤᠨ ᠨᠡᠭᠡᠭᠡᠯᠲᠡ ᠵᠡᠷᠭᠡ ᠣᠯᠠᠨ ᠦᠢᠯᠡ ᠠᠵᠢᠯᠯᠠᠭ᠎ᠠ ᠶᠢ ᠵᠣᠬᠢᠶᠠᠨ ᠪᠠᠶᠢᠭᠤᠯᠬᠤ ᠪᠠᠷ ᠲᠥᠯᠥᠪᠯᠡᠵᠡᠢ᠃