ᠤᠯᠤᠰ ᠤᠨ ᠨᠠᠭᠠᠳᠤᠮ ᠤᠨ ᠦᠨᠳᠦᠰᠦᠨ ᠦ ᠰᠤᠷ ᠤᠨ ᠬᠠᠷᠪᠤᠭᠠᠨ ᠳᠤ ᠡᠷᠡᠭᠲᠡᠢ ᠬᠠᠷᠪᠤᠭᠠᠴᠢᠳ ᠠᠴᠠ ᠭᠣᠪᠢ-ᠠᠯᠲᠠᠢ ᠠᠶᠢᠮᠠᠭ ᠤᠨ ᠵᠢᠷᠭᠠᠯᠠᠩᠲᠤ ᠰᠤᠮᠤ ᠶᠢᠨ ᠬᠠᠷᠢᠶᠠᠲᠤ᠂ ᠬᠠᠨ ᠲᠠᠶᠢᠰᠢᠷᠢ ᠵᠢᠷᠤᠬᠠᠢ ᠬᠣᠯᠪᠣᠭᠠᠨ ᠤ ᠬᠠᠷᠪᠤᠭᠠᠴᠢ ᠰᠡᠩᠭᠡ ᠶᠢᠨ ᠰᠦᠷᠦᠩᠵᠠᠪ 40 ᠰᠤᠮᠤᠨ ᠠᠴᠠ 37 ᠣᠨᠣᠵᠤ ᠲᠦᠷᠦᠭᠦᠯᠡᠨ 《ᠤᠯᠤᠰ ᠤᠨ ᠮᠡᠷᠭᠡᠨ》 ᠴᠣᠯᠠ ᠬᠦᠷᠲᠡᠭᠰᠡᠨ ᠪᠣᠯ ᠳᠣᠷᠣᠨᠠᠲᠤ ᠠᠶᠢᠮᠠᠭ ᠤᠨ ᠬᠡᠷᠦᠯᠦᠨ ᠰᠤᠮᠤ ᠶᠢᠨ ᠬᠠᠷᠢᠶᠠᠲᠤ᠂ ᠠᠶᠢᠮᠠᠭ ᠤᠨ ᠭᠠᠷᠮᠠᠭᠠᠢ ᠬᠠᠷᠪᠤᠭᠠᠴᠢ ᠮᠧᠯᠰᠡ ᠶᠢᠨ ᠪᠠᠲᠤ-ᠣᠷᠣᠰᠢᠬᠤ 40 ᠰᠤᠮᠤᠨ ᠠᠴᠠ 37 ᠰᠤᠮᠤ ᠣᠨᠣᠵᠤ 2 ᠳ᠋ᠤᠭᠠᠷ ᠪᠠᠶᠢᠷᠢ ᠡᠵᠡᠯᠡᠵᠦ 《ᠤᠯᠤᠰ ᠤᠨ ᠭᠠᠷᠮᠠᠭᠠᠢ ᠬᠠᠷᠪᠤᠭᠠᠴᠢ》᠂ ᠳᠣᠷᠣᠨᠠᠲᠤ ᠠᠶᠢᠮᠠᠭ ᠤᠨ ᠪᠠᠶᠠᠨᠳᠤᠩ ᠰᠤᠮᠤ ᠶᠢᠨ ᠬᠠᠷᠢᠶᠠᠲᠤ᠂ 《ᠬᠠᠯᠢᠭᠤᠨ ᠥᠨᠳᠦᠷ》 ᠪᠠᠭ ᠤᠨ ᠬᠠᠷᠪᠤᠭᠠᠴᠢ ᠣᠶᠢᠳᠣᠪ ᠤᠨ ᠰᠦᠬᠡᠪᠠᠭᠠᠲᠤᠷ 40 ᠰᠤᠮᠤᠨ ᠠᠴᠠ 36 ᠣᠨᠣᠵᠤ 3 ᠳ᠋ᠤᠭᠠᠷ ᠪᠠᠶᠢᠷᠢ ᠡᠵᠡᠯᠡᠨ 《ᠤᠯᠤᠰ ᠤᠨ ᠭᠣᠴᠣ ᠬᠠᠷᠪᠤᠭᠠᠴᠢ》 ᠴᠣᠯᠠ ᠲᠤᠰ ᠲᠤᠰ ᠬᠦᠷᠲᠡᠯ᠎ᠡ᠃
ᠡᠮᠡᠭᠲᠡᠢ ᠬᠠᠷᠪᠤᠭᠠᠴᠢᠳ ᠠᠴᠠ ᠳᠤᠮᠳᠠᠭᠣᠪᠢ ᠠᠶᠢᠮᠠᠭ ᠤᠨ ᠳᠡᠯᠭᠡᠷᠬᠠᠩᠭᠠᠢ ᠰᠤᠮᠤ ᠶᠢᠨ ᠬᠠᠷᠢᠶᠠᠲᠤ᠂ ᠴᠠᠬᠢᠭᠤᠷ ᠪᠠᠭ ᠤᠨ ᠬᠠᠷᠪᠤᠭᠠᠴᠢ᠂ ᠮᠣᠩᠭᠣᠯ ᠤᠯᠤᠰ ᠤᠨ ᠮᠡᠷᠭᠡᠨ ᠦᠷᠨᠢᠬᠦ ᠶᠢᠨ ᠬᠠᠲᠠᠨᠪᠣᠯᠣᠷ 40 ᠰᠤᠮᠤᠨ ᠠᠴᠠ 38 ᠣᠨᠣᠵᠤ ᠲᠦᠷᠦᠭᠦᠯᠡᠨ 《ᠤᠯᠤᠰ ᠤᠨ ᠳᠠᠶᠠᠩ ᠮᠡᠷᠭᠡᠨ》 ᠴᠣᠯᠠ ᠬᠦᠷᠲᠡᠭᠰᠡᠨ ᠪᠣᠯ ᠳᠣᠷᠣᠨᠠᠭᠣᠪᠢ ᠠᠶᠢᠮᠠᠭ ᠤᠨ ᠰᠠᠶᠢᠨᠱᠠᠩᠳᠠ ᠰᠤᠮᠤ ᠶᠢᠨ ᠬᠠᠷᠢᠶᠠᠲᠤ᠂ ᠥᠪᠦᠷᠬᠠᠩᠭᠠᠢ ᠠᠶᠢᠮᠠᠭ ᠤᠨ 《ᠶᠡᠬᠡ ᠮᠣᠩᠭᠣᠯ ᠤᠨ ᠬᠠᠷᠪᠤᠭᠤᠯ》 ᠬᠠᠷᠪᠤᠭᠠᠴᠢᠳ ᠤᠨ ᠨᠢᠭᠡᠳᠦᠭᠰᠡᠨ ᠬᠣᠯᠪᠣᠭᠠᠨ ᠤ ᠬᠠᠷᠪᠤᠭᠠᠴᠢ᠂ ᠠᠶᠢᠮᠠᠭ ᠤᠨ ᠲᠣᠳᠣ ᠬᠠᠷᠪᠤᠭᠠᠴᠢ ᠡᠩᠬᠡᠪᠣᠯᠤᠳ ᠤᠨ ᠪᠢᠨᠳᠦᠷᠢᠶ᠎ᠠ 40 ᠰᠤᠮᠤᠨ ᠠᠴᠠ 37 ᠣᠨᠣᠵᠤ 4 ᠳ᠋ᠦ᠋ᠭᠡᠷ ᠪᠠᠶᠢᠷᠢ ᠡᠵᠡᠯᠡᠵᠦ 《ᠤᠯᠤᠰ ᠤᠨ ᠤᠨᠴᠠ ᠬᠠᠷᠪᠤᠭᠠᠴᠢ》 ᠴᠣᠯᠠ᠂ ᠭᠣᠪᠢ-ᠠᠯᠲᠠᠢ ᠠᠶᠢᠮᠠᠭ ᠤᠨ ᠳᠠᠷᠪᠢ ᠰᠤᠮᠤ ᠶᠢᠨ ᠬᠠᠷᠢᠶᠠᠲᠤ᠂ ᠠᠶᠢᠮᠠᠭ ᠤᠨ ᠭᠠᠷᠮᠠᠭᠠᠢ ᠬᠠᠷᠪᠤᠭᠠᠴᠢ ᠳᠠᠰᠢᠨᠢᠮ᠎ᠠ ᠶᠢᠨ ᠭᠡᠷᠡᠯᠮ᠎ᠠ 40 ᠰᠤᠮᠤᠨ ᠠᠴᠠ 37 ᠣᠨᠣᠵᠤ 5 ᠳ᠋ᠤᠭᠠᠷ ᠪᠠᠶᠢᠷᠢ ᠡᠵᠡᠯᠡᠵᠦ᠂ 《ᠤᠯᠤᠰ ᠤᠨ ᠲᠣᠳᠣ ᠬᠠᠷᠪᠤᠭᠠᠴᠢ》 ᠴᠣᠯᠠ ᠬᠦᠷᠲᠡᠯ᠎ᠡ᠃