ᠡᠨᠡ ᠵᠢᠯ ᠦᠨ ᠨᠠᠭᠠᠳᠤᠮ ᠳᠤ 800 ᠭᠠᠷᠤᠢ ᠬᠠᠷᠪᠤᠭᠠᠴᠢ ᠣᠷᠣᠯᠴᠠᠭᠰᠠᠨ ᠶᠤᠮ᠃ ᠡᠭᠦᠨ ᠡᠴᠡ ᠲᠡᠷᠢᠭᠦᠨ ᠪᠠᠶᠢᠷᠢ ᠳᠤ ᠮᠣᠩᠭᠣᠯ ᠤᠯᠤᠰ ᠤᠨ ᠬᠣᠱᠣᠢ ᠮᠡᠷᠭᠡᠨ ᠴᠣᠶᠢᠵᠢᠯ ᠤᠨ ᠪᠤᠶᠠᠨᠵᠢᠷᠭᠠᠯ ᠠᠬᠠᠯᠠᠭᠴᠢ ᠲᠠᠢ ᠡᠮᠦᠨᠡᠭᠣᠪᠢ ᠠᠶᠢᠮᠠᠭ ᠤᠨ 《ᠠᠯᠲᠠᠨᠭᠣᠪᠢ ᠲᠷᠠᠨᠰ》 ᠪᠠᠭ᠂ ᠳᠡᠳ᠋ ᠪᠠᠶᠢᠷᠢ ᠳᠤ ᠮᠣᠩᠭᠣᠯ ᠤᠯᠤᠰ ᠤᠨ ᠮᠡᠷᠭᠡᠨ ᠴᠣᠭᠪᠠᠳᠠᠷᠠᠬᠤ ᠶᠢᠨ ᠣᠳᠬᠣᠨᠪᠠᠶᠠᠷ ᠠᠬᠠᠯᠠᠭᠴᠢ ᠲᠠᠢ ᠳᠤᠮᠳᠠᠭᠤᠪᠢ ᠠᠶᠢᠮᠠᠭ ᠤᠨ 《ᠳᠡᠯᠭᠡᠷᠡᠬᠦ ᠪᠦᠷᠢᠳᠦ》 ᠪᠠᠭ᠂ ᠭᠤᠷᠪᠠᠳᠤᠭᠠᠷ ᠪᠠᠶᠢᠷᠢ ᠳᠤ ᠮᠣᠩᠭᠣᠯ ᠤᠯᠤᠰ ᠤᠨ ᠦᠯᠡᠮᠵᠢ ᠳᠠᠷᠬᠠᠨ ᠮᠡᠷᠭᠡᠨ᠂ ᠰᠫᠣᠷᠲ ᠤᠨ ᠮᠠᠰᠲ᠋ᠸᠷ ᠰᠤᠩᠳᠤᠢᠰᠦ᠋ᠷᠤᠩ ᠦᠨ ᠢᠮᠠᠭᠠᠷᠠᠨᠵᠠ ᠠᠬᠠᠯᠠᠭᠴᠢ ᠲᠠᠢ ᠠᠷᠤᠬᠠᠩᠭᠠᠢ ᠠᠶᠢᠮᠠᠭ ᠤᠨ 《 ᠠᠫᠤ ᠠᠯᠳᠠᠷ》ᠰᠫᠣᠷᠲ ᠬᠣᠷᠢᠶᠠᠨ ᠤ ᠪᠠᠭ ᠰᠢᠯᠭᠠᠷᠠᠵᠠᠢ ᠃