ᠪᠠᠶᠠᠨ-ᠥᠯᠥᠭᠡᠢ ᠶᠢᠨ ᠣᠢ ᠶᠢᠨ ᠰᠠᠩ ᠳᠤ ᠬᠤᠰᠢ ᠶᠢᠨ ᠣᠢ ᠶᠢᠨ ᠰᠤᠳᠤᠯᠭ᠎ᠠ ᠬᠢᠵᠡᠢ | News.MN

ᠪᠠᠶᠠᠨ-ᠥᠯᠥᠭᠡᠢ ᠶᠢᠨ ᠣᠢ ᠶᠢᠨ ᠰᠠᠩ ᠳᠤ ᠬᠤᠰᠢ ᠶᠢᠨ ᠣᠢ ᠶᠢᠨ ᠰᠤᠳᠤᠯᠭ᠎ᠠ ᠬᠢᠵᠡᠢ

ᠪᠠᠶᠠᠨ-ᠥᠯᠥᠭᠡᠢ ᠠᠶᠢᠮᠠᠭ ᠤᠨ ᠣᠢ ᠶᠢᠨ ᠰᠠᠩ ᠪᠦᠬᠦᠢ ᠠᠯᠲᠠᠢ᠂ ᠠᠯᠲᠠᠨᠴᠦ᠋ᠭᠦᠴᠡ᠂ ᠴᠡᠩᠭᠡᠯ᠂ ᠪᠠᠶᠠᠨᠨᠠᠭᠤᠷ᠂ ᠪᠤᠭᠤᠳᠤ᠂ ᠪᠤᠯᠠᠭᠠᠨ᠂ ᠨᠣᠭᠣᠭᠠᠨᠨᠠᠭᠤᠷ᠂ ᠳᠡᠯᠢᠭᠦᠨ ᠰᠤᠮᠤᠨ ᠳᠤ ᠣᠢ ᠶᠢᠨ ᠬᠥᠨᠥᠭᠡᠯᠲᠦ ᠰᠢᠪᠠᠵᠢ᠂ ᠡᠪᠡᠳᠴᠢᠨ ᠦ ᠰᠤᠳᠤᠯᠭᠠᠨ ᠤ ᠠᠵᠢᠯ ᠪᠣᠯᠤᠨ ᠴᠡᠩᠭᠡᠯ ᠰᠤᠮᠤ ᠶᠢᠨ  ᠬᠤᠰᠢ ᠶᠢᠨ ᠣᠢ ᠶᠢᠨ ᠰᠠᠩ ᠤᠨ ᠲᠥᠯᠥᠪ ᠪᠠᠶᠢᠳᠠᠯ ᠳᠤ ᠦᠨᠡᠯᠡᠭᠡ ᠥᠭᠬᠦ᠂ ᠬᠠᠮᠠᠭᠠᠯᠠᠬᠤ᠂ ᠨᠥᠬᠥᠨ ᠰᠡᠷᠭᠦᠭᠡᠬᠦ ᠰᠤᠳᠤᠯᠭᠠᠨ ᠤ ᠠᠵᠢᠯ ᠢ 《ᠪᠠᠶᠢᠭᠠᠯᠢ ᠣᠷᠴᠢᠨ ᠤ ᠲᠣᠭᠲᠠᠪᠤᠷᠢᠲᠠᠢ ᠬᠥᠭᠵᠢᠯ ᠦᠨ ᠰᠠᠨᠠᠭᠠᠴᠢᠯᠠᠭ᠎ᠠ》 ᠲᠥᠷᠥ ᠶᠢᠨ ᠪᠤᠰᠤ ᠪᠠᠶᠢᠭᠤᠯᠤᠯᠭ᠎ᠠ ᠲᠠᠢ ᠬᠠᠮᠲᠤᠷᠠᠨ ᠬᠢᠵᠦ ᠭᠦᠢᠴᠡᠳᠭᠡᠵᠡᠢ᠃
ᠰᠤᠳᠤᠯᠭᠠᠨ ᠤ ᠶᠠᠪᠤᠴᠠ ᠳᠤ ᠴᠡᠩᠭᠡᠯ ᠰᠤᠮᠤᠨ ᠳᠤ ᠤᠷᠤᠰᠢᠬᠤ 《ᠬᠣᠪᠳᠣ ᠭᠣᠣᠯ ᠤᠨ ᠰᠠᠪᠠ ᠭᠠᠵᠠᠷ ᠤᠨ ᠳᠠᠭᠠᠤ ᠰᠢᠨᠡᠰᠦᠨ ᠣᠢ ᠳᠤ ᠶᠠᠺᠣᠪᠰᠣᠨ ᠤ ᠲᠥᠭᠡᠯᠡᠭᠦᠷᠴᠢ ᠡᠷᠪᠡᠬᠡᠢ ᠶᠢᠨ ᠭᠣᠯᠣᠮᠲᠠ ᠠᠵᠢᠭᠯᠠᠭᠳᠠᠭᠰᠠᠨ ᠪᠠ ᠣᠢ ᠶᠢᠨ ᠰᠡᠷᠭᠦᠭᠡᠨ ᠤᠷᠭᠤᠯᠲᠠ ᠰᠠᠶᠢᠨ ᠪᠠᠶᠢᠭ᠎ᠠ ᠤᠴᠢᠷ ᠣᠷᠣᠨ ᠨᠤᠲᠤᠭ ᠲᠤ ᠠᠵᠢᠭᠯᠠᠯᠲᠠ᠂ ᠲᠠᠩᠳᠠᠯᠲᠠ ᠬᠢᠬᠦ ᠪᠡᠷ ᠲᠤᠰ ᠰᠤᠮᠤ ᠶᠢᠨ ᠪᠠᠶᠢᠭᠠᠯᠢ ᠬᠠᠮᠠᠭᠠᠯᠠᠭᠴᠢ ᠨᠠᠷ ᠲᠤ ᠮᠡᠷᠭᠡᠵᠢᠯ ᠦᠨ ᠠᠷᠭ᠎ᠠ ᠵᠦᠢ ᠶᠢᠨ ᠵᠥᠪᠯᠡᠭᠡ ᠥᠭᠴᠦ ᠠᠵᠢᠯᠯᠠᠭᠰᠠᠨ ᠪᠠᠶᠢᠨ᠎ᠠ᠃ ᠮᠥᠨ ᠵᠠᠰᠠᠭ ᠤᠨ ᠭᠠᠵᠠᠷ ᠤᠨ ᠣᠢ ᠶᠢᠨ ᠭᠠᠵᠠᠷ ᠠᠴᠠ ᠬᠡᠷᠡᠭᠵᠢᠭᠦᠯᠵᠦ ᠪᠤᠢ ᠮᠣᠳᠣ ᠦᠷᠡᠵᠢᠭᠦᠯᠭᠡ ᠶᠢᠨ ᠭᠠᠵᠠᠷ ᠤᠳ ᠤᠨ ᠤᠯᠤᠰ ᠤᠨ ᠲᠣᠭᠠᠯᠠᠯᠭ᠎ᠠ ᠶᠢ ᠠᠶᠢᠮᠠᠭ ᠤᠨ ᠬᠡᠮᠵᠢᠶᠡᠨ ᠳᠦ ᠵᠣᠬᠢᠶᠠᠨ ᠪᠠᠶᠢᠭᠤᠯᠵᠠᠢ᠃

ᠰᠡᠳᠬᠢᠭᠳᠡᠯ ᠦᠯᠡᠳᠡᠭᠡᠬᠦ