ᠦᠨᠳᠦᠰᠦᠨ ᠦ ᠰᠲ᠋ᠠᠲ᠋ᠢᠰᠲ᠋ᠢᠺ ᠤᠨ ᠬᠣᠷᠢᠶᠠᠨ ᠤ ᠨᠢᠭᠡᠳᠦᠭᠰᠡᠨ ᠰᠲ᠋ᠠᠲ᠋ᠢᠰᠲ᠋ᠢᠺ ᠤᠨ ᠭᠠᠵᠠᠷ ᠤᠨ ᠠᠬᠠᠯᠠᠬᠤ ᠰᠲ᠋ᠠᠲ᠋ᠢᠰᠲ᠋ᠢᠭᠴᠢ ᠰ ∙ ᠨᠤᠷᠪᠤ᠂ ᠤᠯᠤᠰ ᠤᠨ ᠬᠡᠮᠵᠢᠶᠡᠨ ᠳᠦ 2022 ᠣᠨ ᠤ ᠵᠢᠯ ᠦᠨ ᠡᠴᠦᠰ ᠲᠦ ᠲᠣᠭᠠᠯᠠᠭᠳᠠᠭᠰᠠᠨ ᠲᠥᠯᠯᠡᠬᠦ ᠨᠠᠰᠤᠨ ᠤ 30.9 ᠰᠠᠶ᠎ᠠ ᠬᠡᠭᠡᠯᠲᠦᠭᠴᠢ ᠮᠠᠯ ᠤᠨ 21 ᠰᠠᠶ᠎ᠠ ᠪᠤᠶᠤ 68.2 ᠬᠤᠪᠢ ᠨᠢ ᠡᠨᠡ ᠣᠨ ᠤ ᠡᠬᠢᠨ ᠦ ᠬᠠᠭᠠᠰ ᠵᠢᠯ ᠳᠦ ᠲᠥᠯᠯᠡᠭᠰᠡᠨ᠃ ᠭᠠᠷᠤᠭᠰᠠᠨ ᠲᠥᠯ ᠦᠨ 85.6 ᠬᠤᠪᠢ ᠪᠤᠶᠤ 18 ᠰᠠᠶ᠎ᠠ ᠲᠥᠯ ᠪᠣᠶᠢᠵᠢᠵᠤ ᠪᠠᠶᠢᠨ᠎ᠠ᠃ ᠪᠣᠶᠢᠵᠢᠭᠤᠯᠤᠭᠰᠠᠨ ᠲᠥᠯ ᠡᠮᠦᠨᠡᠬᠢ ᠣᠨ ᠤ ᠮᠥᠨ ᠦᠶ᠎ᠡ ᠡᠴᠡ 6.4 ᠰᠠᠶ᠎ᠠ ᠪᠤᠶᠤ 26.3 ᠬᠤᠪᠢ ᠪᠠᠷ ᠪᠠᠭᠤᠷᠠᠵᠠᠢ᠃
ᠲᠣᠮᠣ ᠮᠠᠯ ᠤᠨ ᠵᠦᠢ ᠪᠤᠰᠤ ᠬᠣᠷᠣᠭᠳᠠᠯ ᠡᠨᠡ ᠣᠨ ᠤ ᠡᠬᠢᠨ ᠦ ᠬᠠᠭᠠᠰ ᠵᠢᠯ ᠳᠦ 3.9 ᠰᠠᠶ᠎ᠠ ᠪᠣᠯᠵᠤ ᠡᠮᠦᠨᠡᠬᠢ ᠣᠨ ᠤ ᠬᠢ ᠠᠴᠠ 3.7 ᠰᠠᠶ᠎ᠠ ᠪᠤᠶᠤ 17.8 ᠳᠠᠬᠢᠨ ᠥᠰᠦᠭᠰᠡᠨ ᠪᠠᠶᠢᠨ᠎ᠠ᠃ ᠬᠣᠷᠣᠭᠳᠠᠭᠰᠠᠨ ᠨᠡᠶᠢᠲᠡ ᠲᠣᠮᠣ ᠮᠠᠯ ᠤᠨ 61.1 ᠬᠤᠪᠢ ᠨᠢ ᠴᠢᠨᠣ᠎ᠠ᠂ ᠪᠠᠭᠠᠪᠠᠭᠠᠢ᠂ ᠢᠷᠪᠢᠰ ᠵᠡᠷᠭᠡ ᠵᠡᠷᠯᠢᠭ ᠠᠮᠢᠲᠠᠨ ᠳᠦ ᠪᠠᠷᠢᠭᠤᠯᠬᠤ᠂ ᠮᠥᠰᠦᠨ ᠳᠦ ᠴᠥᠮᠥᠷᠡᠬᠦ᠂ ᠬᠠᠳᠠ ᠠᠰᠬ᠎ᠠ ᠠᠴᠠ ᠤᠨᠠᠬᠤ᠂ ᠤᠰᠤᠬᠤ ᠵᠡᠷᠭᠡ ᠰᠢᠯᠲᠠᠭᠠᠨ ᠢᠶᠠᠷ ᠬᠣᠷᠣᠭᠳᠠᠭᠰᠠᠨ ᠪᠣᠯ 37.5 ᠬᠤᠪᠢ ᠨᠢ ᠪᠠᠢᠭᠠᠯᠢ ᠶᠢᠨ ᠠᠶᠤᠯᠲᠤ ᠦᠵᠡᠭᠳᠡᠯ ᠳᠦ ᠥᠷᠲᠥᠵᠦ᠂ 1.4 ᠬᠤᠪᠢ ᠨᠢ ᠡᠪᠡᠳᠴᠢᠨ ᠭᠡᠮ ᠢᠶᠡᠷ ᠬᠣᠷᠣᠭᠳᠠᠵᠠᠢ᠃