ᠳᠠᠩᠱᠢᠭ ᠨᠠᠭᠠᠳᠤᠮ ᠢᠷᠡᠬᠦ ᠰᠠᠷ᠎ᠠ  ᠳᠦ ᠪᠣᠯᠤᠨ᠎ᠠ | News.MN

ᠳᠠᠩᠱᠢᠭ ᠨᠠᠭᠠᠳᠤᠮ ᠢᠷᠡᠬᠦ ᠰᠠᠷ᠎ᠠ  ᠳᠦ ᠪᠣᠯᠤᠨ᠎ᠠ

ᠨᠡᠶᠢᠰᠯᠡᠯ ᠦᠨ ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ᠂ ᠨᠡᠶᠢᠰᠯᠡᠯ ᠦᠨ ᠠᠶᠠᠯᠠᠯ ᠵᠢᠭᠤᠯᠴᠢᠯᠠᠯ ᠤᠨ ᠭᠠᠵᠠᠷ᠂ ᠮᠣᠩᠭᠣᠯ ᠤᠨ ᠪᠤᠷᠬᠠᠨ ᠱᠠᠰᠢᠨᠲᠠᠨ ᠤ ᠲᠥᠪ ᠭᠠᠨᠳᠠᠨᠳᠡᠭᠴᠢᠯᠡᠨ ᠬᠡᠶᠢᠳ ᠲᠡᠢ ᠬᠠᠮᠲᠤᠷᠠᠨ 《ᠳᠠᠩᠱᠢᠭ ᠨᠠᠭᠠᠳᠤᠮ-ᠬᠦᠷᠢᠶ᠎ᠡ ᠴᠠᠮ 2023》ᠱᠠᠰᠢᠨ ᠰᠤᠶᠤᠯ ᠤᠨ ᠨᠠᠭᠠᠳᠤᠮ ᠢ ᠨᠠᠢ᠌ᠮᠠᠳᠤᠭᠠᠷ ᠰᠠᠷ᠎ᠠ ᠶᠢᠨ 5- 6  ᠳᠤ ᠬᠦᠢ ᠳᠣᠯᠣᠭᠠᠨ ᠬᠤᠳᠳᠤᠭ ᠲᠤ ᠵᠣᠬᠢᠶᠠᠨ ᠪᠠᠶᠢᠭᠤᠯᠤᠨ᠎ᠠ᠃

ᠲᠤᠰ ᠨᠠᠭᠠᠳᠤᠮ ᠳᠡᠭᠡᠷ᠎ᠡ ᠯᠠᠮᠠ ᠨᠠᠷ ᠤᠨ ᠳᠤᠮᠳᠠ ᠨᠣᠮ ᠬᠠᠶᠠᠯᠴᠠᠬᠤ᠂ ᠮᠡᠳᠬᠡᠯᠴᠡᠬᠦ᠂ ᠪᠠᠯᠢᠩ ᠲᠣᠰᠤᠨ ᠤᠷᠠᠯᠠᠯ ᠤᠨ ᠲᠡᠮᠡᠴᠡᠭᠡᠨ  ᠵᠤᠬᠢᠶᠠᠭᠳᠠᠬᠤ ᠪᠥᠭᠡᠳ ᠳᠠᠩᠱᠢᠭ ᠤᠨ ᠴᠤᠪᠤᠭ᠎ᠠ᠂ ᠰᠦᠨᠴᠸ ᠠᠶᠢᠯᠠᠳᠪᠤᠷᠢ᠂ ᠸᠴᠢᠷᠪᠠᠨᠢ ᠶᠢᠨ ᠲᠠᠬᠢᠯᠭ᠎ᠠ᠂ ᠴᠢᠩᠭᠢᠰ ᠬᠠᠭᠠᠨ ᠤ ᠰᠠᠩ᠂ ᠴᠠᠮ ᠬᠠᠷᠠᠶᠢᠬᠤ᠂ ᠰᠣᠷ ᠵᠠᠯᠠᠬᠤ᠂ ᠰᠣᠶᠣᠮᠪᠣᠳᠤ ᠲᠤᠭ ᠵᠠᠯᠠᠬᠤ᠂ ᠱᠠᠰᠢᠨ ᠤ ᠰᠦᠯᠳᠡ ᠳᠠᠭᠤᠯᠠᠯ ᠡᠭᠡᠰᠢᠭᠯᠡᠭᠦᠯᠬᠦ ᠵᠡᠷᠭᠡ ᠱᠠᠰᠢᠨ ᠰᠤᠶᠤᠯ ᠤᠨ ᠣᠯᠠᠨ ᠠᠷᠭ᠎ᠠ ᠬᠡᠮᠵᠢᠶ᠎ᠡ ᠪᠣᠯᠤᠨ᠎ᠠ᠃
ᠳᠠᠩᠱᠢᠭ ᠨᠠᠭᠠᠳᠤᠮ ᠨᠢ ᠠᠩᠬ᠎ᠠ 1639 ᠣᠨ ᠳᠤ ᠥᠨᠳᠥᠷ ᠭᠡᠭᠡᠨ ᠵᠠᠨᠠᠪᠠᠽᠠᠷ ᠢ ᠮᠣᠩᠭᠣᠯ ᠲᠦᠮᠡᠨ ᠦ ᠱᠠᠰᠢᠨ ᠤ ᠲᠡᠷᠢᠭᠦᠨ᠂ ᠠᠩᠬᠠᠳᠤᠭᠠᠷ ᠪᠣᠭᠳᠠ ᠵᠢᠪᠽᠤᠨᠳᠠᠮᠪᠠ ᠬᠤᠲᠤᠭᠲᠤ ᠶᠢᠨ ᠰᠢᠷᠡᠭᠡᠨ ᠳᠦ ᠡᠷᠭᠦᠮᠵᠢᠯᠡᠨ ᠵᠠᠯᠠᠬᠤ ᠦᠶ᠎ᠡ ᠡᠴᠡ ᠡᠬᠢᠯᠡᠯ ᠲᠡᠢ ᠪᠥᠭᠡᠳ ᠮᠣᠩᠭᠣᠯ ᠤᠨ ᠱᠠᠰᠢᠨ ᠰᠤᠶᠤᠯ ᠤᠨ ᠲᠣᠮᠣᠬᠠᠨ ᠠᠷᠭ᠎ᠠ ᠬᠡᠮᠵᠢᠶ᠎ᠡ᠂ ᠪᠤᠷᠬᠠᠨ ᠤ ᠱᠠᠰᠢᠨ ᠤ ᠪᠠᠭ᠎ᠠ ᠲᠠᠪᠤᠨ ᠤᠬᠠᠭᠠᠨ ᠤ ᠪᠦᠵᠢᠭᠯᠡᠯ ᠦᠨ ᠤᠬᠠᠭᠠᠨ ᠳᠤ ᠪᠠᠭᠲᠠᠬᠤ ᠴᠠᠮ ᠨᠢ ᠳᠠᠩᠱᠢᠭ ᠨᠠᠭᠠᠳᠤᠮ ᠤᠨ ᠭᠣᠣᠯ ᠣᠨᠴᠠᠯᠢᠭ ᠶᠤᠮ᠃

ᠰᠡᠳᠬᠢᠭᠳᠡᠯ ᠦᠯᠡᠳᠡᠭᠡᠬᠦ