《ᠰᠤᠶᠤᠯ ᠤᠨ ᠨᠠᠭᠠᠳᠤᠮ》 ᠳᠦ ᠣᠲᠣᠭ ᠬᠣᠰᠢᠭᠤᠨ ᠤ ᠬᠠᠮᠲᠤᠯᠢᠭ ᠲᠣᠭᠯᠠᠯᠲᠠ ᠪᠠᠨ ᠲᠣᠯᠢᠯᠠᠭᠤᠯᠪᠠ | News.MN

《ᠰᠤᠶᠤᠯ ᠤᠨ ᠨᠠᠭᠠᠳᠤᠮ》 ᠳᠦ ᠣᠲᠣᠭ ᠬᠣᠰᠢᠭᠤᠨ ᠤ ᠬᠠᠮᠲᠤᠯᠢᠭ ᠲᠣᠭᠯᠠᠯᠲᠠ ᠪᠠᠨ ᠲᠣᠯᠢᠯᠠᠭᠤᠯᠪᠠ

ᠰᠤᠶᠤᠯ ᠤᠷᠠᠯᠢᠭ ᠤᠨ ᠶᠡᠬᠡ ᠰᠤᠷᠭᠠᠭᠤᠯᠢ᠂ 《ᠮᠣᠩᠭᠣᠯ ᠤᠨ ᠤᠷᠠᠯᠢᠭ ᠤᠨ ᠵᠥᠪᠯᠡᠯ》ᠲᠥᠷᠥ ᠶᠢᠨ ᠪᠤᠰᠤ ᠪᠠᠶᠢᠭᠤᠯᠤᠯᠭ᠎ᠠ ᠨᠢ 《ᠷᠢᠤ᠋  ᠲᠢᠨᠲ᠋ᠤ᠋ ᠮᠣᠩᠭᠣᠯ》 ᠦᠨ ᠳᠡᠮᠵᠢᠯᠭᠡ ᠲᠡᠢ 15 ᠳ᠋ᠡᠬᠢ ᠵᠢᠯ ᠳᠦ ᠪᠡᠨ ᠵᠣᠬᠢᠶᠠᠨ ᠪᠠᠶᠢᠭᠤᠯᠵᠤ ᠪᠤᠢ︽ᠰᠤᠶᠤᠯ ᠤᠨ ᠨᠠᠭᠠᠳᠤᠮ︾ ᠬᠦᠢ ᠳᠣᠯᠣᠭᠠᠨ ᠬᠤᠳᠳᠤᠭ ᠲᠤ ᠪᠤᠯᠤᠭᠰᠠᠨ᠃

ᠨᠠᠭᠠᠳᠤᠮ  ᠳᠦ UNESCO  ᠦᠨ ᠰᠤᠶᠤᠯ ᠤᠨ ᠪᠡᠶᠡᠲᠦ ᠪᠤᠰᠤ ᠥᠪ ᠦᠨ ᠶᠠᠭᠠᠷᠠᠯᠲᠠᠢ ᠬᠠᠮᠠᠭᠠᠯᠠᠬᠤ ᠵᠢᠭᠰᠠᠭᠠᠯᠲᠠ ᠳᠤ ᠪᠦᠷᠢᠳᠬᠡᠭᠳᠡᠭᠰᠡᠨ ᠤᠷᠲᠤ ᠶᠢᠨ ᠳᠠᠭᠤᠤ᠂ ᠪᠣᠭᠣᠨᠢ ᠳᠠᠭᠤᠤ᠂ ᠮᠣᠷᠢᠨ ᠬᠤᠭᠤᠷ᠂ ᠪᠡᠶ᠎ᠡ ᠪᠡᠶᠡᠯᠡᠭᠡ᠂ ᠬᠦᠭᠡᠮᠢ᠂ ᠮᠣᠩᠭᠣᠯ ᠲᠤᠤᠯᠢ ᠭᠡᠬᠦ ᠮᠡᠲᠦ ᠢᠵᠠᠭᠤᠷ ᠤᠷᠠᠯᠢᠭ ᠤᠨ ᠲᠥᠷᠥᠯ ᠢᠶᠡᠷ ᠳᠢᠭᠯᠡᠭᠰᠡᠨ《ᠮᠣᠩᠭᠣᠯ ᠡᠷᠳᠡᠨᠢ》 ᠠᠷᠠᠳ ᠤᠨ ᠤᠷᠠᠯᠢᠭ ᠤᠨ ᠲᠣᠭᠯᠠᠯᠲᠠ ᠨᠤᠭᠤᠳ ᠠᠴᠠ ᠭᠠᠳᠠᠨ᠎ᠠ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠣᠷᠳᠣᠰ ᠬᠣᠲᠠ ᠶᠢᠨ ᠣᠲᠣᠭ ᠬᠣᠰᠢᠭᠤᠨ ᠤ 23 ᠬᠦᠮᠦᠨ ᠦ ᠪᠦᠷᠢᠯᠳᠦᠬᠦᠨ ᠲᠡᠢ《ᠠᠯᠲᠠᠨ  ᠴᠡᠭᠴᠡᠤᠬᠡᠢ》ᠬᠠᠮᠲᠤᠯᠢᠭ ᠠᠶ᠎ᠠ ᠳᠠᠭᠤᠤ ᠪᠠᠨ ᠡᠷᠭᠦᠭᠰᠡᠨ ᠨᠢ ᠣᠨᠴᠠᠯᠢᠭ ᠪᠠᠶᠢᠯ᠎ᠠ᠃ ᠲᠤᠰ ᠬᠠᠮᠲᠤᠯᠢᠭ ᠳᠡᠯᠳᠡᠭᠦᠷ ᠬᠥᠭᠵᠢᠮ ᠪᠣᠯᠤᠨ ᠶᠣᠣᠴᠢᠨ᠂ ᠪᠢᠰᠬᠢᠭᠦᠷ᠂ ᠬᠤᠭᠤᠴᠢᠷ᠂ ᠱᠠᠨᠵᠠ ᠵᠡᠷᠭᠡ ᠬᠥᠭᠵᠢᠮ ᠦᠳ ᠢᠶᠡᠷ ᠲᠣᠭᠯᠠᠭᠰᠠᠨ ᠠᠴᠠ ᠭᠠᠳᠠᠨ᠎ᠠ ᠬᠠᠳᠠᠭ︵ᠢᠷᠦᠭᠡᠯ ᠦᠨ ᠪᠦᠵᠢᠭ︶᠂  ᠮᠡᠨᠳᠦᠴᠢᠯᠡᠯ︵ᠮᠡᠨᠳᠦᠴᠢᠯᠡᠨ ᠤᠭᠲᠤᠬᠤ ᠪᠦᠵᠢᠭ︶᠂ ᠬᠠᠷᠠᠬᠣᠷᠢᠨ︵ᠠᠷᠤ ᠮᠣᠩᠭᠣᠯ ᠳᠤ ᠵᠣᠷᠢᠭᠤᠯᠤᠨ ᠪᠢᠴᠢᠭᠰᠡᠨ︶ᠳᠠᠭᠤᠤ ᠶᠢ ᠰᠣᠨᠣᠷᠳᠠᠭᠤᠯᠪᠠ᠃

ᠰᠡᠳᠬᠢᠭᠳᠡᠯ ᠦᠯᠡᠳᠡᠭᠡᠬᠦ