ᠳᠡᠯᠡᠬᠡᠢ ᠶᠢᠨ ᠪᠥᠬᠡ ᠶᠢᠨ ᠬᠣᠯᠪᠣᠭᠠᠨ ᠤ ᠴᠢᠨᠰᠠᠭᠠᠨ ᠤ ᠣᠨᠣᠭ᠎ᠠ ᠣᠯᠭᠣᠬᠤ ᠡᠨᠡ ᠵᠢᠯ ᠦᠨ ᠰᠡᠭᠦᠯ ᠦᠨ ᠪᠤᠶᠤ ᠳᠦᠷᠪᠡᠳᠡᠬᠢ ᠲᠡᠮᠡᠴᠡᠭᠡᠨ ᠥᠴᠥᠭᠡᠳᠦᠷ ᠬᠠᠩᠭᠠᠷᠢ ᠶᠢᠨ ᠨᠡᠶᠢᠰᠯᠡᠯ ᠪᠤᠲᠠᠫᠧᠱᠲ ᠲᠦ ᠡᠬᠢᠯᠡᠯ᠎ᠡ᠃ ᠮᠠᠨ ᠤ ᠤᠯᠤᠰ ᠠᠴᠠ ᠨᠠᠢ᠌ᠮᠠᠨ ᠲᠠᠮᠢᠷᠴᠢᠨ ᠭᠠᠪᠢᠶᠠᠲᠤ ᠳᠠᠰᠬᠠᠯᠵᠢᠭᠤᠯᠤᠭᠴᠢ ᠲ ∙ ᠰᠦᠬᠡᠪᠠᠭᠠᠲᠤᠷ ᠤᠨ ᠤᠳᠤᠷᠢᠳᠤᠯᠭ᠎ᠠ ᠳᠣᠣᠷ᠎ᠠ ᠣᠷᠣᠯᠴᠠᠵᠤ ᠪᠠᠶᠢᠨ᠎ᠠ᠃
ᠲᠡᠮᠡᠴᠡᠭᠡᠨ ᠦ ᠡᠬᠢᠨ ᠦ ᠡᠳᠦᠷ 65 ᠺᠢᠯᠦᠭᠷᠡᠮ ᠤᠨ ᠵᠢᠩ ᠳᠦ 《 ᠤᠰᠯᠤ᠋ -2021》 ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ ᠬᠦᠷᠡᠯ ᠮᠧᠳᠠᠯᠳᠤ ᠲ ∙ ᠲᠤᠯᠭ᠎ᠠ ᠳᠥᠷᠪᠡᠨ ᠪᠠᠷᠢᠯᠳᠤᠭᠠᠨ ᠬᠢᠵᠦ᠂ 33᠄0 ᠪᠠᠷ ᠪᠤᠶᠤ ᠣᠨᠣᠭ᠎ᠠ ᠠᠯᠠᠳᠠᠯ ᠦᠭᠡᠢ ᠲᠦᠷᠦᠭᠦᠯᠡᠯ᠎ᠡ᠃ ᠢᠩᠭᠢᠭᠰᠡᠨ ᠢᠶᠡᠷ ᠲᠡᠷᠡ ᠳᠡᠯᠡᠬᠡᠢ ᠶᠢᠨ ᠴᠢᠨᠰᠠᠭᠠᠨ ᠳᠤ 65 ᠺᠢᠯᠦᠭᠷᠡᠮ ᠵᠢᠩ ᠳᠦ ᠭᠤᠷᠪᠠ ᠳᠦ ᠡᠷᠡᠮᠪᠡᠯᠡᠭᠳᠡᠬᠦ ᠪᠤᠯᠤᠯ᠎ᠠ᠃