ᠬᠤᠰᠤᠲᠠᠢ ᠶᠢᠨ 620 ᠲᠣᠯᠣᠭᠠᠢ ᠲᠠᠷᠪᠠᠭ᠎ᠠ ᠶᠢ ᠠᠶᠢᠮᠠᠭ ᠤᠳ ᠲᠤ ᠨᠤᠲᠤᠭᠰᠢᠭᠤᠯᠵᠠᠢ | News.MN

ᠬᠤᠰᠤᠲᠠᠢ ᠶᠢᠨ 620 ᠲᠣᠯᠣᠭᠠᠢ ᠲᠠᠷᠪᠠᠭ᠎ᠠ ᠶᠢ ᠠᠶᠢᠮᠠᠭ ᠤᠳ ᠲᠤ ᠨᠤᠲᠤᠭᠰᠢᠭᠤᠯᠵᠠᠢ

ᠬᠤᠰᠤᠲᠠᠢ ᠶᠢᠨ ᠪᠠᠢᠭᠠᠯᠢ ᠶᠢᠨ ᠴᠣᠭᠴᠠᠯᠠᠪᠤᠷᠢᠳᠤ ᠭᠠᠵᠠᠷ ᠠᠴᠠ ᠡᠨᠡ ᠣᠨ ᠳᠤ ᠲᠥᠪ᠂ ᠠᠷᠤᠬᠠᠩᠭᠠᠢ᠂ ᠣᠷᠬᠣᠨ᠂ ᠬᠡᠨᠲᠡᠢ᠂ ᠰᠦᠬᠡᠪᠠᠭᠠᠲᠤᠷ᠂ ᠳᠣᠷᠣᠨᠠᠲᠤ ᠠᠶᠢᠮᠠᠭ ᠤᠨ 14  ᠰᠤᠮᠤᠨ ᠳᠤ 620 ᠲᠣᠯᠣᠭᠠᠢ ᠲᠠᠷᠪᠠᠭ᠎ᠠ ᠰᠡᠷᠭᠦᠭᠡᠨ ᠨᠤᠲᠤᠭᠰᠢᠭᠤᠯᠵᠠᠢ᠃ ᠲᠠᠷᠪᠠᠭ᠎ᠠ ᠶᠢ ᠨᠢᠭᠡ ᠭᠠᠵᠠᠷ ᠠᠴᠠ ᠨᠥᠭᠥᠭᠡ ᠳᠦ ᠨᠤᠲᠤᠭᠰᠢᠭᠤᠯᠬᠤ ᠳᠤ ᠪᠠᠨ ᠵᠥᠩ ᠳᠦ ᠨᠢ ᠤᠷᠬᠢᠬᠤ ᠪᠢᠰᠢ᠂ ᠰᠡᠷᠭᠦᠭᠡᠨ ᠨᠤᠲᠤᠭᠰᠢᠭᠤᠯᠤᠭᠰᠠᠨ ᠭᠠᠵᠠᠷ ᠢᠶᠠᠨ ᠣᠷᠣᠨ ᠨᠤᠲᠤᠭ ᠤᠨ ᠤᠳᠤᠷᠢᠳᠤᠯᠭ᠎ᠠ᠂ ᠠᠷᠠᠳ ᠢᠷᠭᠡᠳ᠂ ᠨᠥᠬᠥᠷᠯᠡᠯ ᠳᠦ ᠬᠦᠯᠢᠶᠡᠯᠭᠡᠨ ᠥᠭᠴᠦ ᠬᠠᠷᠢᠭᠤᠴᠠᠭᠤᠯᠵᠤ᠂ ᠬᠦᠮᠦᠨ ᠦ ᠰᠢᠭᠤᠳ ᠪᠠ ᠳᠠᠮ ᠨᠥᠯᠥᠭᠡ᠂ ᠬᠠᠤᠯᠢ ᠪᠤᠰᠤ ᠠᠩᠨᠠᠭᠤᠷ ᠠᠴᠠ ᠰᠡᠷᠭᠡᠶᠢᠯᠡᠬᠦ᠂ ᠤᠯᠠᠮ ᠢᠶᠠᠷ ᠲᠣᠭ᠎ᠠ ᠲᠣᠯᠣᠭᠠᠢ ᠥᠰᠬᠦ ᠪᠣᠯᠤᠮᠵᠢ ᠶᠢ ᠨᠢ ᠪᠦᠷᠢᠳᠦᠭᠦᠯᠵᠦ ᠪᠠᠶᠢᠭ᠎ᠠ  ᠶᠤᠮ᠃
ᠬᠦᠮᠦᠨ ᠦ ᠪᠤᠷᠤᠭᠤ ᠲᠠᠢ ᠦᠢᠯᠡ ᠠᠵᠢᠯᠯᠠᠭᠠᠨ ᠠᠴᠠ ᠡᠭᠦᠳᠦᠨ ᠂ ᠮᠣᠩᠭᠣᠯ ᠲᠠᠷᠪᠠᠭ᠎ᠠ ᠨᠢ ᠲᠡᠦᠬᠡᠨ ᠲᠠᠷᠬᠠᠴᠠ ᠨᠤᠲᠤᠭ ᠲᠤ ᠪᠠᠨ ᠶᠡᠬᠡᠬᠡᠨ ᠬᠣᠪᠣᠷᠳᠠᠵᠤ᠂ ᠵᠢᠯ ᠳᠠᠷᠠᠭᠠᠯᠠᠭᠰᠠᠨ ᠭᠠᠩ ᠲᠣᠬᠢᠶᠠᠭᠰᠠᠨ ᠤ ᠤᠯᠠᠮ ᠠᠴᠠ 2000  ᠊ᠭᠠᠳ ᠣᠨ ᠤ ᠰᠡᠭᠦᠯ ᠭᠡᠬᠦ ᠳᠦ ᠶᠡᠬᠡᠩᠬᠢ ᠭᠠᠵᠠᠷ ᠤᠰᠠᠳᠴᠤ ᠦᠭᠡᠢ ᠪᠣᠯᠤᠭᠰᠠᠨ ᠶᠤᠮ᠃ ᠲᠠᠷᠪᠠᠭ᠎ᠠ ᠰᠡᠷᠭᠦᠭᠡᠨ ᠨᠤᠲᠤᠭᠰᠢᠭᠤᠯᠤᠭᠰᠠᠨ ᠢᠶᠠᠷ ᠡᠺᠣ ᠰᠢᠰᠲ᠋ᠧᠮ ᠦᠨ ᠲᠡᠩᠴᠡᠪᠦᠷᠢᠲᠦ ᠪᠠᠶᠢᠳᠠᠯ ᠢ ᠬᠠᠳᠠᠭᠠᠯᠠᠬᠤ᠂ ᠬᠥᠷᠦᠰᠦᠨ ᠦ ᠳᠣᠷᠣᠶᠢᠲᠠᠯ᠂ ᠴᠥᠯᠵᠢᠯᠲᠡ ᠶᠢ ᠰᠠᠭᠠᠷᠠᠭᠤᠯᠬᠤ᠂ ᠬᠥᠷᠦᠰᠦᠨ ᠦ ᠠᠭᠠᠷ ᠤᠨ ᠰᠣᠯᠢᠯᠴᠠᠭ᠎ᠠ ᠶᠢ ᠬᠠᠩᠭᠠᠵᠤ᠂ ᠪᠡᠯᠴᠢᠭᠡᠷ ᠰᠡᠷᠭᠦᠬᠦ ᠳᠦ ᠴᠢᠬᠤᠯᠠ ᠡᠭᠦᠷᠭᠡ ᠲᠡᠢ ᠃

ᠰᠡᠳᠬᠢᠭᠳᠡᠯ ᠦᠯᠡᠳᠡᠭᠡᠬᠦ