ᠬᠠᠩᠭᠠᠷᠢ ᠶᠢᠨ ᠺᠢᠨᠣ᠋ ᠪᠠᠭ 8000 ᠺᠢᠯᠣᠮᠧᠲ᠋ᠷ ᠵᠠᠮ ᠢ ᠲᠤᠭᠤᠯᠤᠨ ᠵᠢᠷᠤᠭ ᠠᠪᠴᠠᠢ | News.MN

 ᠬᠠᠩᠭᠠᠷᠢ ᠶᠢᠨ ᠺᠢᠨᠣ᠋ ᠪᠠᠭ 8000 ᠺᠢᠯᠣᠮᠧᠲ᠋ᠷ ᠵᠠᠮ ᠢ ᠲᠤᠭᠤᠯᠤᠨ ᠵᠢᠷᠤᠭ ᠠᠪᠴᠠᠢ

ᠬᠠᠩᠭᠠᠷᠢ ᠶᠢᠨ ᠦᠨᠳᠦᠰᠦᠨ ᠦ ᠲᠧᠯᠸᠢᠰ ᠦᠨ ᠤᠷᠠᠨ ᠪᠦᠲᠦᠭᠡᠯᠴᠢᠳ ᠪᠣᠯᠬᠤ ᠺᠠᠯᠤᠮᠢᠱᠲ᠋ᠠ ᠮᠠᠷᠲ᠋ᠤᠨ᠂ ᠪᠠᠶᠧᠷ ᠵᠤᠯᠲ᠂ ᠺᠷᠤᠯᠢᠺ ᠮᠠᠷᠴᠡᠯ  ᠨᠠᠷ ᠮᠣᠩᠭᠣᠯ ᠤᠯᠤᠰ ᠤᠨ ᠲᠡᠦᠬᠡ᠂ ᠰᠤᠶᠤᠯ᠂ ᠵᠠᠩ ᠵᠠᠩᠰᠢᠯ ᠤᠨ ᠲᠤᠬᠠᠢ ᠪᠠᠷᠢᠮᠲᠠᠲᠤ 14 ᠠᠩᠭᠢ ᠪᠦᠬᠦᠢ ᠺᠢᠨᠣ᠋  ᠪᠦᠲᠦᠭᠡᠬᠦ ᠪᠡᠷ ᠥᠩᠭᠡᠷᠡᠭᠰᠡᠨ ᠨᠢᠭᠡ ᠰᠠᠷ᠎ᠠ ᠶᠢᠨ ᠬᠤᠭᠤᠴᠠᠭᠠᠨ ᠳᠤ ᠭᠣᠪᠢ ᠠᠴᠠ ᠡᠬᠢᠯᠡᠨ ᠠᠯᠲᠠᠢ ᠶᠢᠨ ᠨᠤᠲᠤᠭ ᠬᠦᠷᠲᠡᠯ᠎ᠡ ᠠᠶᠠᠯᠠᠵᠤ᠂ 8000 ᠺᠢᠯᠣᠮᠧᠲ᠋ᠷ ᠵᠠᠮ ᠢ ᠲᠤᠭᠤᠯᠤᠨ ᠺᠢᠨᠣ᠋ ᠵᠢᠷᠤᠭ ᠢᠶᠠᠨ ᠠᠪᠴᠠᠢ᠃

ᠺᠢᠨᠣ᠋ ᠪᠠᠭ ᠤᠨ ᠫᠷᠣᠳᠢᠶᠦ᠋ᠰᠧᠷ ᠺᠠᠯᠤᠮᠢᠱᠲ᠋ᠠ ᠮᠠᠷᠲ᠋ᠤᠨ᠄ ᠮᠣᠩᠭᠣᠯ ᠤᠨ ᠲᠠᠯ᠎ᠠ ᠪᠠᠷ ᠪᠠᠷᠢᠮᠲᠠᠲᠤ ᠺᠢᠨᠣ᠋ ᠬᠢᠬᠦ ᠶᠢ ᠣᠯᠠᠨ ᠵᠢᠯ ᠬᠦᠰᠡᠭᠰᠡᠨ᠃ ᠵᠠᠰᠠᠭ ᠤᠨ ᠭᠠᠵᠠᠷ ᠲᠤ ᠪᠠᠨ ᠺᠢᠨᠤ᠋ ᠶᠢᠨ ᠰᠠᠨᠠᠭ᠎ᠠ ᠶᠢ ᠲᠠᠨᠢᠯᠴᠠᠭᠤᠯᠬᠤ ᠳᠤ ᠲᠡᠷᠡ ᠳᠠᠷᠤᠢ ᠵᠥᠪᠰᠢᠶᠡᠷᠡᠭᠰᠡᠨ᠃ ᠤᠴᠢᠷ ᠨᠢ ᠮᠠᠨ ᠤ ᠤᠯᠤᠰ ᠤᠨ ᠪᠠᠷᠢᠮᠲᠠᠯᠠᠵᠤ ᠪᠤᠢ ᠪᠣᠳᠣᠯᠭ᠎ᠠ ᠲᠠᠢ ᠡᠨᠡ ᠠᠵᠢᠯ ᠤᠶᠠᠯᠳᠤᠨ᠎ᠠ᠃ ᠺᠢᠨᠤ᠋ ᠶᠢᠨ ᠠᠮᠢᠨ ᠰᠦᠨᠡᠰᠦ ᠪᠣᠯ ᠮᠣᠩᠭᠣᠯ ᠤᠯᠤᠰ ᠤᠨ ᠰᠣᠶᠣᠯ ᠤᠷᠠᠯᠢᠭ᠂ ᠶᠣᠰᠣ ᠵᠠᠩᠰᠢᠯ᠂ ᠦᠵᠡᠰᠬᠦᠯᠡᠩᠲᠦ ᠪᠠᠶᠢᠭᠠᠯᠢ᠃ ᠮᠥᠨ ᠪᠢᠳᠡᠨ ᠦ ᠺᠢᠨᠤ᠋  ᠠᠴᠠ ᠮᠣᠩᠭᠣᠯ᠂ ᠬᠠᠩᠭᠠᠷᠢ ᠤᠯᠤᠰ ᠤᠨ ᠰᠤᠶᠤᠯ ᠤᠨ ᠢᠵᠢᠯ ᠲᠠᠯ᠎ᠠ᠂ ᠨᠡᠶᠢᠲᠡᠯᠢᠭ ᠰᠢᠨᠵᠢ ᠬᠠᠷᠠᠭᠳᠠᠨ᠎ᠠ ᠭᠡᠰᠡᠨ ᠶᠤᠮ᠃

ᠰᠡᠳᠬᠢᠭᠳᠡᠯ ᠦᠯᠡᠳᠡᠭᠡᠬᠦ