《ᠮᠣᠩᠭᠣᠯᠴᠤᠳ ᠤᠨ ᠮᠣᠷᠢ ᠶᠢ ᠳᠡᠭᠡᠳᠦᠯᠡᠵᠦ᠂ ᠬᠠᠶᠢᠷᠠᠯᠠᠳᠠᠭ ᠴᠢᠨᠠᠷ ᠢ ᠬᠦᠨᠳᠦᠳᠬᠡᠳᠡᠭ》 | News.MN

《ᠮᠣᠩᠭᠣᠯᠴᠤᠳ ᠤᠨ ᠮᠣᠷᠢ ᠶᠢ ᠳᠡᠭᠡᠳᠦᠯᠡᠵᠦ᠂ ᠬᠠᠶᠢᠷᠠᠯᠠᠳᠠᠭ ᠴᠢᠨᠠᠷ ᠢ ᠬᠦᠨᠳᠦᠳᠬᠡᠳᠡᠭ》

TNC ᠪᠠᠶᠢᠭᠤᠯᠤᠯᠭ᠎ᠠ ᠶᠢᠨ ᠳᠠᠯᠠᠢ᠂ ᠭᠠᠵᠠᠷ᠂ ᠤᠰᠤ ᠬᠠᠮᠠᠭᠠᠯᠠᠯ ᠢ ᠭᠯᠦᠪᠡᠯ ᠲᠦᠪᠰᠢᠨ ᠳᠦ ᠬᠠᠷᠢᠭᠤᠴᠠᠭᠰᠠᠨ ᠵᠠᠬᠢᠷᠤᠯ ᠵᠧᠹᠹᠷᠢ  ᠫᠠᠷᠷᠢᠱ  ᠤᠨ ᠨᠠᠭᠠᠳᠤᠮ ᠤᠨ ᠰᠡᠳᠬᠢᠭᠳᠡᠯ ᠢ ᠨᠢ ᠬᠤᠪᠢᠶᠠᠯᠴᠠᠯ᠎ᠠ᠄
᠎᠎᠎᠎᠎᠎᠎᠎᠎᠎᠎᠎᠎᠎᠎᠎᠎᠎᠎᠎᠎᠎᠎᠎᠎᠎᠎᠎᠎᠎᠎᠎᠎᠎᠎᠎᠎᠎᠎᠎      ᠪᠢ ᠮᠣᠩᠭᠣᠯ ᠳᠤ 12  ᠤᠳᠠᠭ᠎ᠠ ᠵᠡᠷᠯᠢᠭ ᠳᠠᠭᠱᠢᠨ ᠪᠠᠢᠭᠠᠯᠢ ᠶᠢ ᠬᠠᠮᠠᠭᠠᠯᠠᠬᠤ ᠠᠵᠢᠯ ᠢᠶᠠᠷ ᠢᠷᠡᠵᠦ ᠪᠠᠶᠢᠭ᠎ᠠ ᠴᠤ ᠡᠨᠡ ᠵᠢᠯ ᠠᠩᠬ᠎ᠠ  ᠤᠳᠠᠭ᠎ᠠ ᠨᠠᠭᠠᠳᠤᠮᠯᠠᠵᠤ ᠪᠠᠶᠢᠨ᠎ᠠ᠃ ᠮᠣᠩᠭᠣᠯ ᠤᠨ ᠥᠷᠭᠡᠨ ᠠᠭᠤᠳᠠᠮ ᠭᠠᠵᠠᠷ ᠨᠤᠲᠤᠭ᠂ ᠬᠦᠮᠦᠰ ᠦᠨ ᠵᠣᠴᠢᠯᠠᠮᠠᠲᠠᠭᠠᠢ ᠵᠠᠩ᠂ ᠬᠤᠷᠳᠤᠨ ᠬᠦᠯᠦᠭ ᠮᠣᠷᠢᠳ ᠢ ᠬᠦᠨᠳᠦᠳᠭᠡᠵᠦ ᠬᠠᠶᠢᠷᠠᠯᠠᠳᠠᠭ ᠵᠠᠩ ᠴᠢᠨᠠᠷ᠂ ᠤᠶᠠᠬᠤ ᠴᠢᠳᠠᠪᠤᠷᠢ ᠦᠨᠡᠬᠡᠷ ᠭᠠᠶᠢᠬᠠᠯᠲᠠᠢ ᠰᠠᠶᠢᠬᠠᠨ ᠰᠡᠳᠬᠢᠭᠳᠡᠯ ᠲᠥᠷᠦᠭᠦᠯᠳᠡᠭ᠃ ᠮᠣᠩᠭᠣᠯᠴᠤᠳ ᠬᠣᠲᠠᠵᠢᠵᠤ ᠰᠠᠭᠤᠷᠢᠨ ᠰᠤᠶᠤᠯ ᠢᠷᠭᠡᠨᠰᠢᠯ ᠲᠡᠢ ᠪᠣᠯᠵᠤ ᠪᠠᠶᠢᠭ᠎ᠠ ᠴᠤ ᠦᠨᠳᠦᠰᠦᠨ ᠦ ᠥᠪ᠂ ᠵᠠᠩ ᠵᠠᠩᠰᠢᠯ ᠢᠶᠠᠨ᠂ ᠲᠡᠦᠬᠡ ᠪᠡᠨ ᠬᠠᠮᠠᠭᠠᠯᠠᠵᠤ᠂ ᠨᠡᠭᠦᠳᠡᠯᠴᠢᠨ ᠰᠤᠶᠤᠯ ᠢᠶᠠᠨ ᠬᠠᠳᠠᠭᠠᠯᠠᠵᠤ ᠦᠯᠡᠳᠡᠭᠰᠡᠨ ᠠᠷᠠᠳ ᠲᠦᠮᠡᠨ᠃

ᠪᠢ ᠬᠡᠳᠦ ᠬᠣᠨᠣᠭ ᠤᠨ ᠡᠮᠦᠨ᠎ᠡ ᠬᠣᠪᠳᠣ ᠠᠶᠢᠮᠠᠭ ᠤᠨ ᠳᠠᠷᠪᠢ ᠰᠤᠮᠤᠨ ᠳᠤ ᠣᠴᠢᠵᠤ ᠨᠠᠭᠠᠳᠤᠮ ᠦᠵᠡᠭᠰᠡᠨ᠃ ᠤᠯᠤᠰ ᠤᠨ ᠨᠠᠭᠠᠳᠤᠮ ᠠᠴᠠ ᠬᠠᠮᠤᠷᠬᠤ ᠴᠠᠷ᠎ᠠ ᠬᠦᠷᠢᠶ᠎ᠡ ᠪᠡᠷ ᠢᠶᠡᠨ ᠢᠯᠭᠠᠭ᠎ᠠ ᠲᠠᠢ ᠴᠤ ᠵᠠᠩ ᠦᠢᠯᠡ ᠢᠵᠢᠯ ᠲᠥᠰᠲᠡᠢ ᠰᠠᠨᠠᠭᠳᠠᠭᠰᠠᠨ᠃ ᠨᠠᠭᠠᠳᠤᠮ ᠤᠨ ᠨᠡᠭᠡᠭᠡᠯᠲᠡ ᠶᠢᠨ ᠮᠣᠷᠢᠨ ᠦᠵᠡᠭᠦᠯᠪᠦᠷᠢ ᠰᠡᠳᠬᠢᠯ ᠬᠦᠳᠡᠯᠭᠡᠭᠰᠡᠨ ᠭᠡᠪᠡ᠃

ᠰᠡᠳᠬᠢᠭᠳᠡᠯ ᠦᠯᠡᠳᠡᠭᠡᠬᠦ