ᠦᠨᠳᠦᠰᠦᠨ ᠦ ᠶᠡᠬᠡ ᠨᠠᠭᠠᠳᠤᠮ ᠤᠨ ᠬᠤᠷᠳᠤᠨ ᠠᠵᠢᠷᠭᠠᠨ ᠤ ᠤᠷᠤᠯᠳᠤᠭᠠᠨ ᠤ ᠦᠶ᠎ᠡ ᠪᠡᠷ ᠪ∙ᠪᠠᠲᠤᠲᠡᠭᠦᠯᠳᠡᠷ ᠮᠣᠷᠢᠨ ᠠᠴᠠ ᠪᠠᠨ ᠤᠨᠠᠬᠤ ᠭᠡᠵᠦ ᠪᠠᠶᠢᠭᠰᠠᠨ ᠨᠠᠶᠢᠵᠠ ᠪᠠᠨ ᠶᠠᠪᠤᠳᠠᠯ ᠳᠤᠮᠳᠠ ᠨᠢ ᠲᠦᠰᠢᠭᠰᠡᠨ ᠢᠶᠡᠷ ᠪᠡᠷᠲᠡᠵᠦ ᠭᠡᠮᠲᠦᠬᠦ ᠡᠴᠡ ᠨᠢ ᠰᠡᠷᠭᠡᠶᠢᠯᠡᠵᠦ ᠴᠢᠳᠠᠭᠰᠠᠨ ᠶᠤᠮ᠃
ᠲᠡᠭᠦᠨ ᠦ ᠡᠨᠡ ᠬᠦ ᠲᠤᠰᠠᠴᠢ ᠵᠠᠩ ᠢᠶᠠᠷ ᠮᠣᠩᠭᠣᠯᠴᠤᠳ ᠪᠠᠬᠠᠷᠬᠠᠵᠤ᠂ ᠲᠠᠯᠠᠷᠬᠠᠯ ᠳᠡᠪᠰᠢᠭᠦᠯᠦᠭᠰᠡᠨ ᠪᠣᠯ《ᠬᠠᠨ ᠮᠣᠩᠭᠣᠯ》 ᠰᠤᠷᠭᠠᠭᠤᠯᠢ ᠶᠢᠨ ᠬᠠᠮᠲᠤ ᠣᠯᠠᠨ᠄《ᠠᠵᠢᠷᠭᠠᠨ ᠤ ᠤᠷᠤᠯᠳᠤᠭᠠᠨ ᠤ ᠦᠶ᠎ᠡ ᠪᠡᠷ ᠮᠣᠷᠢᠨ ᠠᠴᠠ ᠪᠠᠨ ᠬᠠᠵᠠᠶᠢᠭᠰᠠᠨ ᠬᠦᠦ ᠶᠢ ᠲᠦᠰᠢᠭᠰᠡᠨ ᠪ∙ᠪᠠᠲᠤᠲᠡᠭᠦᠯᠳᠡᠷ ᠡ᠂ ᠮᠠᠨ ᠤ ᠰᠤᠷᠭᠠᠭᠤᠯᠢ ᠳᠤ ᠲᠠᠪᠠᠲᠠᠢ ᠮᠣᠷᠢᠯᠠ᠃ ᠪᠤᠰᠤᠳ ᠲᠤ ᠪᠠᠨ ᠦᠯᠢᠭᠡᠷ ᠳᠠᠭᠤᠷᠢᠶᠠᠯ ᠦᠵᠡᠭᠦᠯᠵᠦ ᠬᠦᠮᠦᠯᠢᠭ ᠡᠨᠡᠷᠢᠩᠭᠦᠢ ᠰᠡᠳᠬᠢᠯ ᠭᠠᠷᠭᠠᠭᠰᠠᠨ ᠬᠦᠦ ᠴᠢᠮᠠᠶᠢ ᠮᠠᠨ ᠤ ᠰᠤᠷᠭᠠᠭᠤᠯᠢ ᠦᠨ᠎ᠡ ᠲᠥᠯᠦᠪᠦᠷᠢ ᠦᠭᠡᠢ ᠰᠤᠷᠤᠯᠴᠠᠬᠤ ᠡᠷᠬᠡ ᠪᠡᠷ ᠱᠠᠩᠨᠠᠵᠤ ᠪᠠᠶᠢᠨ᠎ᠠ》 ᠭᠡᠵᠦ ᠮᠡᠳᠡᠭᠳᠡᠵᠡᠢ᠃