ᠲᠦᠪ ᠪᠠᠩᠬᠢ ᠬᠢᠲᠠᠳ ᠤᠨ ᠠᠷᠠᠳ ᠤᠨ ᠪᠠᠩᠬᠢ ᠲᠠᠢ 2018 ᠣᠨ ᠳᠤ ᠰᠪᠣᠫ ᠬᠡᠯᠡᠯᠴᠡᠭᠡ ᠬᠢᠵᠦ᠂ ᠬᠤᠭᠤᠴᠠᠭ᠎ᠠ ᠶᠢ ᠨᠢ ᠰᠤᠩᠭᠠᠭᠰᠠᠭᠠᠷ ᠥᠨᠥ ᠶᠢ ᠬᠦᠷᠦᠭᠰᠡᠨ᠃ ᠰᠪᠣᠫ ᠬᠡᠯᠡᠯᠴᠡᠭᠡᠨ ᠦ ᠬᠤᠭᠤᠴᠠᠭ᠎ᠠ ᠳᠣᠯᠣᠳᠤᠭᠠᠷ ᠰᠠᠷ᠎ᠠ ᠶᠢᠨ ᠨᠢᠭᠡᠨ ᠳᠦ ᠳᠠᠭᠤᠰᠤᠨ᠎ᠠ᠃ ᠰᠪᠣᠫ ᠬᠡᠯᠡᠯᠴᠡᠭᠡ ᠭᠡᠳᠡᠭ ᠨᠢ ᠬᠣᠶᠠᠷ ᠤᠯᠤᠰ ᠤᠨ ᠬᠤᠳᠠᠯᠳᠤᠭ᠎ᠠ ᠶᠢ ᠳᠡᠮᠵᠢᠬᠦ ᠵᠣᠷᠢᠯᠭ᠎ᠠ ᠲᠠᠢ ᠶᠤᠸᠠᠨ ᠲᠥᠭᠥᠷᠢᠭ ᠦᠨ ᠰᠣᠯᠢᠯᠴᠠᠭ᠎ᠠ ᠶᠤᠮ᠃ ᠃
ᠶᠡᠷᠦᠩᠬᠡᠢ ᠰᠠᠶᠢᠳ ᠯ∙ᠤᠶᠤᠡᠡᠷᠳᠡᠨᠢ ᠶᠢᠨ ᠠᠶᠢᠯᠴᠢᠯᠠᠯ ᠢᠶᠠᠷ ᠡᠨᠡ ᠵᠢᠭᠡᠯᠡ ᠶᠢᠨ ᠬᠤᠭᠤᠴᠠᠭ᠎ᠠ ᠶᠢ 2026 ᠣᠨ ᠪᠣᠯᠭᠠᠨ ᠬᠤᠶᠢᠰᠢᠯᠠᠭᠤᠯᠬᠤ ᠰᠢᠢᠳᠦᠯ ᠳᠦ ᠬᠦᠷᠴᠡᠢ᠃ ᠲᠦᠪ ᠪᠠᠩᠬᠢ 2018 ᠣᠨ ᠠᠴᠠ ᠬᠣᠶᠢᠰᠢ ᠨᠡᠶᠢᠲᠡ 1.7 ᠲᠡᠷᠪᠤᠮ ᠳ᠋ᠣᠯᠯᠠᠷ ᠲᠠᠢ ᠲᠡᠩᠴᠡᠬᠦ ᠬᠡᠮᠵᠢᠶᠡᠨ ᠦ ᠶᠤᠸᠠᠨ ᠢ ᠤᠷᠳᠤ ᠬᠥᠷᠰᠢ ᠶᠢᠨ ᠲᠦᠪ ᠪᠠᠩᠭᠢ ᠠᠴᠠ ᠠᠪᠤᠭᠰᠠᠨ᠃ ᠡᠨᠡ ᠨᠢ ᠲᠠᠪᠤᠨ ᠶᠡᠬᠡ ᠨᠠᠶᠤᠳ ᠲᠥᠭᠥᠷᠢᠭ ᠲᠡᠢ ᠲᠡᠩᠴᠡᠬᠦ ᠪᠠ ᠮᠠᠨ ᠤ ᠤᠯᠤᠰ ᠤᠨ ᠡᠨᠡ ᠣᠨ ᠤ ᠤᠯᠤᠰ ᠤᠨ ᠲᠥᠰᠥᠪ ᠦᠨ ᠨᠡᠶᠢᠲᠡ ᠵᠠᠷᠤᠳᠠᠯ 20 ᠶᠡᠬᠡ ᠨᠠᠶᠤᠳ ᠲᠥᠭᠥᠷᠢᠭ ᠭᠡᠬᠦ ᠪᠡᠷ 25 ᠬᠤᠪᠢ ᠲᠠᠢ ᠨᠢ ᠲᠡᠩᠴᠡᠨ᠎ᠡ᠃