ᠶᠠᠫᠣᠨ ᠤ ᠵᠠᠰᠠᠭ ᠤᠨ ᠭᠠᠵᠠᠷ  ᠠᠺᠠᠳᠧᠮᠢᠴᠢ ᠷ ∙ ᠪᠠᠷᠰᠪᠤᠯᠤᠳ ᠢ ᠱᠠᠩᠨᠠᠪᠠ | News.MN

ᠶᠠᠫᠣᠨ ᠤ ᠵᠠᠰᠠᠭ ᠤᠨ ᠭᠠᠵᠠᠷ  ᠠᠺᠠᠳᠧᠮᠢᠴᠢ ᠷ ∙ ᠪᠠᠷᠰᠪᠤᠯᠤᠳ ᠢ ᠱᠠᠩᠨᠠᠪᠠ

ᠰᠢᠨᠵᠢᠯᠡᠬᠦ ᠤᠬᠠᠭᠠᠨ ᠤ ᠠᠺᠠᠳ᠋ᠸᠮᠢ ᠶᠢᠨ ᠫᠠᠯᠧᠶᠤᠨᠲ᠋ᠤᠯᠤᠭᠢ ᠶᠢᠨ ᠲᠥᠪ ᠦᠨ ᠵᠠᠬᠢᠷᠤᠯ ᠠᠰᠠᠨ ᠷ ∙ ᠪᠠᠷᠰᠪᠤᠯᠤᠳ  ᠲᠤ 2023 ᠣᠨ ᠤ ᠬᠠᠪᠤᠷ ᠤᠨ ᠭᠠᠳᠠᠭᠠᠳᠤ ᠢᠷᠭᠡᠨ ᠳᠦ ᠣᠯᠭᠣᠬᠤ ᠱᠠᠩᠨᠠᠯ ᠭᠠᠷᠳᠠᠭᠤᠯᠬᠤ ᠶᠣᠰᠣᠯᠠᠯ ᠢ ᠥᠨᠥᠳᠥᠷ ᠶᠠᠫᠣᠨ ᠤ ᠡᠯᠴᠢᠨ ᠰᠠᠶᠢᠳ ᠤᠨ ᠥᠷᠭᠦᠭᠡᠨ ᠳᠦ ᠵᠣᠬᠢᠶᠠᠨ ᠪᠠᠶᠢᠭᠤᠯᠪᠠ᠃ ᠡᠯᠴᠢᠨ ᠰᠠᠶᠢᠳ ᠬ ∙ ᠺᠣᠪᠠᠶᠠᠰᠢ ᠄《ᠠᠺᠠᠳᠧᠮᠢᠴᠢ ᠷᠢᠨᠴᠢᠨ ᠦ ᠪᠠᠷᠰᠪᠤᠯᠤᠳ ᠲᠠᠨ ᠳᠤ 《ᠮᠠᠨᠳᠤᠬᠤ ᠨᠠᠷ》 ᠤᠳᠤᠨ ᠤ 《ᠰᠠᠷᠠᠨᠠᠢ ᠴᠡᠴᠡᠭ ᠪᠦᠬᠦᠢ ᠠᠯᠲᠠᠨ ᠲᠤᠶᠠᠭ᠎ᠠ》ᠵᠡᠷᠭᠡᠯᠡᠯ ᠦᠨ ᠣᠳᠣᠨ ᠢᠶᠠᠷ ᠱᠠᠩᠨᠠᠭᠤᠯᠵᠤ ᠪᠠᠢᠭ᠎ᠠ ᠳᠤ ᠴᠢᠩ ᠰᠡᠳᠬᠢᠯ ᠡᠴᠡ ᠪᠡᠨ ᠪᠠᠶᠠᠷ ᠬᠦᠷᠭᠡᠶ᠎ᠡ᠃ ᠠᠺᠠᠳᠧᠮᠢᠴᠢ ᠷ∙ ᠪᠠᠷᠰᠪᠤᠯᠤᠳ ᠨᠢ 1985 ᠣᠨ ᠳᠤ ᠶᠠᠫᠣᠨ ᠤᠯᠤᠰ ᠤᠨ ᠬᠡᠮᠵᠢᠶᠡᠨ ᠳᠦ ᠠᠩᠬ᠎ᠠ ᠤᠳᠠᠭ᠎ᠠ ᠨᠡᠶᠢᠲᠡ 19 ᠪᠠᠶᠢᠷᠢᠰᠢᠯ ᠳᠤ ︽ᠮᠣᠩᠭᠣᠯ ᠤᠨ ᠦᠯᠭᠡ ᠭᠦᠷᠪᠡᠯ ᠦᠨ ᠦᠵᠡᠰᠬᠦᠯᠡᠩ》 ᠢ ᠵᠣᠬᠢᠶᠠᠨ ᠪᠠᠶᠢᠭᠤᠯᠬᠤ ᠳᠤ ᠬᠦᠴᠦᠨ ᠴᠢᠷᠮᠠᠶᠢᠯᠲᠠ ᠭᠠᠷᠭᠠᠭᠰᠠᠨ᠃
ᠲᠤᠰ ᠦᠵᠡᠰᠬᠦᠯᠡᠩ ᠢ ᠶᠠᠫᠣᠨ ᠳᠤ ᠵᠣᠬᠢᠶᠠᠨ ᠪᠠᠶᠢᠭᠤᠯᠤᠭᠰᠠᠨ ᠨᠢ ᠮᠣᠩᠭᠣᠯ ᠠᠷᠠᠳᠴᠢᠯᠠᠭᠰᠠᠨ ᠨᠡᠶᠢᠭᠡᠮ ᠳᠦ ᠰᠢᠯᠵᠢᠭᠰᠡᠨ ᠦ ᠳᠠᠷᠠᠭᠠᠬᠢ ᠶᠠᠫᠣᠨ᠂ ᠮᠣᠩᠭᠣᠯ ᠬᠣᠶᠠᠷ ᠤᠯᠤᠰ ᠤᠨ ᠲᠤᠰ ᠰᠠᠯᠪᠤᠷᠢ  ᠳ᠋ᠠᠬᠢ ᠬᠠᠮᠲᠤᠷᠠᠭᠰᠠᠨ ᠡᠷᠳᠡᠮ  ᠰᠢᠨᠵᠢᠯᠡᠭᠡᠨ᠂ ᠰᠤᠳᠤᠯᠭᠠᠨ ᠶᠠᠪᠤᠭᠤᠯᠬᠤ ᠡᠬᠢᠯᠡᠯ ᠪᠣᠯᠤᠭᠰᠠᠨ ᠶᠤᠮ᠃ ᠁ ᠠᠺᠠᠳᠧᠮᠢᠴᠢ ᠷ ∙ ᠪᠠᠷᠰᠪᠤᠯᠤᠳ ᠲᠠᠨ ᠳᠤ ᠪᠣᠯᠤᠨ ᠲᠠᠨ ᠤ ᠭᠡᠷ ᠪᠦᠯᠢ ᠳᠦ ᠡᠷᠡᠭᠦᠯ ᠡᠩᠬᠡ᠂ ᠠᠵᠠ ᠵᠢᠷᠭᠠᠯ ᠬᠦᠰᠡᠵᠦ᠂ ᠮᠣᠩᠭᠣᠯ ᠤᠨ ᠫᠠᠯᠧᠶᠤᠨᠲ᠋ᠤᠯᠤᠭᠢ ᠶᠢᠨ ᠰᠠᠯᠪᠤᠷᠢ ᠶᠢᠨ ᠴᠢᠨᠠᠭᠰᠢᠳᠠ ᠶᠢᠨ ᠬᠥᠭᠵᠢᠯ᠂ ᠶᠠᠫᠣᠨ᠂ ᠮᠣᠩᠭᠣᠯ ᠤᠨ ᠡᠷᠳᠡᠮ ᠰᠢᠨᠵᠢᠯᠡᠭᠡᠨ ᠦ ᠬᠠᠮᠲᠤ ᠶᠢᠨ ᠠᠵᠢᠯᠯᠠᠭ᠎ᠠ ᠤᠯᠠᠮ ᠶᠡᠬᠡ ᠠᠬᠢᠴᠠ ᠳᠡᠪᠰᠢᠯᠲᠡ ᠲᠡᠢ ᠪᠠᠶᠢᠬᠤ ᠶᠢ ᠬᠦᠰᠡᠨ ᠢᠷᠦᠭᠡᠶ᠎ᠡ  ᠬᠡᠮᠡᠭᠡᠳ ᠡᠨᠡ ᠬᠦ ᠣᠳᠣᠨ ᠢ ᠡᠷᠭᠦᠮᠵᠢᠯᠡᠯ ᠦᠨ ᠬᠠᠮᠲᠤ ᠭᠠᠷᠳᠠᠭᠤᠯᠤᠨ ᠥᠭᠪᠡ᠃

ᠰᠡᠳᠬᠢᠭᠳᠡᠯ ᠦᠯᠡᠳᠡᠭᠡᠬᠦ