ᠪ ∙ ᠴᠣᠯᠮᠣᠨ ᠲᠤᠰᠬᠠᠢ ᠣᠯᠢᠮᠫ ᠠᠴᠠ ᠮᠥᠩᠭᠥᠨ ᠮᠧᠳᠠᠯ ᠬᠦᠷᠲᠡᠯ᠎ᠡ | News.MN

ᠪ ∙ ᠴᠣᠯᠮᠣᠨ ᠲᠤᠰᠬᠠᠢ ᠣᠯᠢᠮᠫ ᠠᠴᠠ ᠮᠥᠩᠭᠥᠨ ᠮᠧᠳᠠᠯ ᠬᠦᠷᠲᠡᠯ᠎ᠡ

ᠲᠤᠰᠬᠠᠢ ᠣᠯᠢᠮᠫ ᠤᠨ ᠵᠤᠨ ᠤ ᠨᠠᠭᠠᠳᠤᠮ ᠭᠧᠷᠮᠠᠨ ᠤᠯᠤᠰ ᠤᠨ ᠪᠧᠷᠯᠢᠨ ᠬᠤᠲᠠ ᠳᠤ ᠪᠣᠯᠵᠤ ᠪᠠᠶᠢᠨ᠎ᠠ᠃ ᠤᠭ ᠨᠠᠭᠠᠳᠤᠮ ᠳᠤ 190 ᠭᠠᠷᠤᠢ ᠣᠷᠣᠨ ᠤ 7000 ᠣᠷᠴᠢᠮ ᠲᠠᠮᠢᠷᠴᠢᠨ ᠰᠫᠣᠷᠲ ᠤᠨ 20 ᠲᠥᠷᠥᠯ ᠳᠦ ᠦᠷᠢᠰᠦᠯᠳᠦᠵᠦ ᠪᠠᠶᠢᠨ᠎ᠠ᠃ ᠮᠣᠩᠭᠣᠯ ᠤᠯᠤᠰ ᠠᠴᠠ ᠨᠡᠶᠢᠲᠡ 44 ᠲᠠᠮᠢᠷᠴᠢᠨ ᠬᠥᠯ ᠪᠦᠮᠪᠦᠭᠡ᠂ ᠭᠠᠷ ᠪᠥᠮᠪᠥᠭᠡ᠂ ᠰᠠᠭᠰᠤᠨ ᠪᠥᠮᠪᠥᠭᠡ᠂ ᠵᠢᠦ᠋ᠳᠣ᠋᠂ ᠤᠰᠤᠨ ᠰᠫᠣᠷᠲ᠂ ᠰᠢᠷᠡᠭᠡᠨ ᠦ ᠲᠧᠨᠨᠢᠰ ᠵᠡᠷᠭᠡ ᠶᠢᠰᠦᠨ ᠲᠥᠷᠥᠯ ᠢᠶᠡᠷ ᠣᠷᠣᠯᠴᠠᠵᠤ ᠪᠠᠶᠢᠨ᠎ᠠ᠃ ᠲᠡᠭᠦᠨᠴᠢᠯᠡᠨ ᠪᠤᠴᠴᠢ ᠶᠢᠨ ᠲᠥᠷᠥᠯ ᠳᠦ ᠮᠠᠨ ᠤ ᠤᠯᠤᠰ ᠤᠨ ᠲᠠᠮᠢᠷᠴᠢᠨ ᠪ ∙ ᠴᠣᠯᠮᠣᠨ ᠮᠥᠩᠭᠥᠨ ᠮᠧᠳᠠᠯ ᠬᠦᠷᠢᠲᠦᠵᠡᠢ᠃
ᠬᠠᠮᠤᠭ ᠤᠨ ᠠᠩᠬᠠᠨ ᠤ ᠳᠡᠯᠡᠬᠡᠢ ᠶᠢᠨ ᠲᠤᠰᠬᠠᠢ ᠣᠯᠢᠮᠫ ᠤᠨ ᠵᠤᠨ ᠤ ᠨᠠᠭᠠᠳᠤᠮ 1968 ᠣᠨ ᠳᠤ ᠠᠮᠧᠷᠢᠺᠠ ᠶᠢᠨ  ᠴᠢᠺᠠᠭᠤ᠋ ᠬᠤᠲᠠ ᠳᠤ ᠪᠣᠯᠤᠭᠰᠠᠨ ᠪᠥᠭᠡᠳ ᠠᠮᠧᠷᠢᠺᠠ᠂ ᠺᠠᠨᠠᠳᠠ ᠶᠢᠨ ᠨᠡᠶᠢᠲᠡ 1000 ᠣᠷᠴᠢᠮ ᠲᠠᠮᠢᠷᠴᠢᠳ ᠣᠷᠣᠯᠴᠠᠵᠤ ᠪᠠᠶᠢᠪᠠ᠃ ᠲᠤᠰᠬᠠᠢ ᠣᠯᠢᠮᠫ ᠤᠨ ᠨᠠᠭᠠᠳᠤᠮ ᠨᠢ ᠬᠣᠶᠠᠷ ᠵᠢᠯ ᠲᠤᠲᠤᠮ ᠳᠤ ᠡᠪᠦᠯ ᠪᠠ ᠵᠤᠨ ᠤ ᠤᠯᠠᠷᠢᠯ ᠳᠤ ᠵᠣᠬᠢᠶᠠᠨ ᠪᠠᠶᠢᠭᠤᠯᠤᠭᠳᠠᠳᠠᠭ᠃

ᠰᠡᠳᠬᠢᠭᠳᠡᠯ ᠦᠯᠡᠳᠡᠭᠡᠬᠦ