ᠭᠤᠪᠢ ᠠᠯᠲᠠᠢ ᠳᠤ 163 ᠲᠠᠬᠢ᠂ 1200 ᠬᠤᠯᠠᠨ ᠪᠦᠷᠢᠳᠬᠡᠵᠡᠢ | News.MN

ᠭᠤᠪᠢ ᠠᠯᠲᠠᠢ ᠳᠤ 163 ᠲᠠᠬᠢ᠂ 1200 ᠬᠤᠯᠠᠨ ᠪᠦᠷᠢᠳᠬᠡᠵᠡᠢ

ᠭᠤᠪᠢ ᠠᠯᠲᠠᠢ ᠠᠢᠮᠠᠭ ᠲᠤ ᠵᠡᠷᠯᠢᠭ ᠠᠮᠢᠲᠠᠳ ᠤᠨ ᠮᠣᠨᠢᠲ᠋ᠣᠷᠢᠨ ᠤᠨ ᠰᠤᠳᠤᠯᠭᠠᠨ ᠤ ᠠᠵᠢᠯ ᠭᠦᠢᠴᠡᠳᠭᠡᠵᠦ 163 ᠲᠠᠬᠢ᠂ 1200 ᠬᠤᠯᠠᠨ ᠢ ᠪᠦᠷᠢᠳᠬᠡᠵᠡᠢ᠃ ᠲᠣᠳᠣᠷᠠᠭᠤᠯᠪᠠᠯ᠂ ᠭᠣᠪᠢ ᠶᠢᠨ ᠶᠡᠬᠡ ᠳᠠᠷᠬᠠᠨ ᠴᠠᠭᠠᠵᠠᠲᠤ ᠭᠠᠵᠠᠷ ᠤᠨ 《ᠪ》 ᠬᠡᠰᠡᠭ ᠦᠨ ᠬᠠᠮᠠᠭᠠᠯᠠᠯᠲᠠ ᠶᠢᠨ ᠵᠠᠬᠢᠷᠭᠠᠨ ᠤ ᠬᠢᠨ ᠳᠠᠷᠬᠠᠨ ᠴᠠᠭᠠᠵᠠᠲᠤ ᠭᠠᠵᠠᠷ ᠤᠨ ᠪᠠᠷᠠᠭᠤᠨ ᠬᠡᠰᠡᠭ ᠦᠨ ᠨᠤᠲᠤᠭ ᠪᠣᠯᠬᠤ ᠲᠠᠬᠢ ᠤᠰᠤ᠂ ᠬᠣᠨᠢ ᠤᠰᠤ᠂ ᠲᠠᠪᠤᠨ ᠲᠣᠯᠣᠭᠠᠢ᠂ ᠱᠠᠯ ᠬᠠᠷ᠎ᠠ᠂ ᠭᠦᠨ ᠲᠠᠮᠠᠭ᠎ᠠ᠂ ᠰᠢᠷᠢ ᠶᠢᠨ ᠤᠰᠤ᠂ ᠬᠦᠨᠳᠡᠯᠡᠨ ᠦ ᠥᠪᠥᠷ᠂ ᠬᠠᠯᠲᠠᠷ ᠤᠨ ᠲᠣᠯᠣᠭᠠᠢ ᠵᠡᠷᠭᠡ ᠭᠠᠵᠠᠷ ᠲᠤ ᠲᠥᠯᠥᠪᠯᠡᠭᠡᠳᠦ ᠪᠤᠰᠤ ᠬᠢᠨᠠᠯᠲᠠ ᠰᠢᠯᠭᠠᠯᠲᠠ᠂ ᠵᠡᠷᠯᠢᠭ ᠠᠮᠢᠲᠠᠨ ᠤ ᠮᠣᠨᠢᠲ᠋ᠣᠷᠢᠨ ᠤ ᠰᠤᠳᠤᠯᠭᠠᠨ ᠤ ᠠᠵᠢᠯ ᠢ ᠬᠡᠷᠡᠭᠵᠢᠭᠦᠯᠵᠦ ᠨᠡᠶᠢᠲᠡ 163 ᠲᠠᠬᠢ᠂ 1200 ᠬᠤᠯᠠᠨ ᠢ ᠪᠦᠷᠢᠳᠬᠡᠭᠰᠡᠨ ᠪᠠᠶᠢᠨ᠎ᠠ᠃
ᠮᠥᠨ ᠣᠯᠠᠨ ᠤᠯᠤᠰ ᠤᠨ ᠲᠠᠬᠢ ᠭᠷᠦ᠋ᠫ ᠦᠨ ᠰᠤᠳᠤᠯᠭᠠᠨ ᠤ ᠮᠧᠨᠧᠵᠧᠷ᠂ ᠮᠡᠷᠭᠡᠵᠢᠯᠲᠡᠨ ᠪᠣᠯᠤᠨ ᠪᠠᠶᠢᠭᠠᠯᠢ ᠬᠠᠮᠠᠭᠠᠯᠠᠭᠴᠢᠳ  《ᠢᠷᠡᠭᠡᠳᠦᠢ ᠶᠢᠨ ᠰᠤᠳᠤᠯᠤᠭᠠᠴᠢ-2023》ᠬᠥᠲᠥᠯᠪᠦᠷᠢ ᠶᠢᠨ ᠬᠦᠷᠢᠶᠡᠨ ᠳᠦ ᠬᠣᠪᠳᠣ ᠠᠶᠢᠮᠠᠭ ᠤᠨ ᠦᠶᠡᠩᠴᠢ ᠰᠤᠮᠤ ᠶᠢᠨ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠶᠢᠨ ᠡᠺᠣ  ᠺᠯᠦ᠋ᠪ ᠤᠨ ᠰᠤᠷᠤᠭᠴᠢᠳ᠂ ᠭᠣᠪᠢ ᠶᠢᠨ ᠶᠡᠬᠡ ᠳᠠᠷᠬᠠᠨ ᠴᠠᠭᠠᠵᠠᠲᠤ ᠭᠠᠵᠠᠷ ᠤᠨ ᠵᠠᠬᠢᠷᠭ᠎ᠠ ᠲᠠᠢ ᠬᠠᠮᠲᠤᠷᠠᠨ ᠲᠡᠳᠡ ᠲᠠᠬᠢ ᠤᠰᠤᠨ ᠤ ᠪᠠᠶᠠᠨᠪᠦᠷᠢᠲᠤ᠂ ᠬᠠᠯᠵᠠᠨ ᠪᠥᠷᠭᠥᠳᠡᠢ᠂ ᠶᠣᠯᠬᠣᠩ ᠵᠡᠷᠭᠡ ᠭᠠᠵᠠᠷ ᠲᠤ ᠡᠺᠣ ᠠᠶᠠᠯᠠᠯ ᠢ ᠵᠣᠬᠢᠶᠠᠨ ᠪᠠᠶᠢᠭᠤᠯᠤᠨ  ᠵᠦᠪᠯᠡᠯᠭᠡ ᠥᠭᠴᠦ ᠬᠡᠭᠡᠷ᠎ᠡ ᠶᠢᠨ ᠳᠠᠳᠤᠯᠭ᠎ᠠ ᠬᠢᠭᠰᠡᠨ  ᠪᠠᠢᠨ᠎ᠠ᠃

ᠰᠡᠳᠬᠢᠭᠳᠡᠯ ᠦᠯᠡᠳᠡᠭᠡᠬᠦ