ᠪᠠᠷᠠᠭᠤᠨ ᠠᠶᠢᠮᠠᠭ ᠤᠳ ᠤᠨ ᠲᠠᠷᠪᠠᠭᠠᠨ ᠲᠠᠬᠤᠯ ᠤᠨ ᠭᠣᠯᠣᠮᠲᠠ ᠥᠨᠳᠥᠷ ᠡᠷᠡᠰᠳᠡᠯ ᠲᠡᠢ ᠪᠠᠶᠢᠭ᠎ᠠ | News.MN

ᠪᠠᠷᠠᠭᠤᠨ ᠠᠶᠢᠮᠠᠭ ᠤᠳ ᠤᠨ ᠲᠠᠷᠪᠠᠭᠠᠨ ᠲᠠᠬᠤᠯ ᠤᠨ ᠭᠣᠯᠣᠮᠲᠠ ᠥᠨᠳᠥᠷ ᠡᠷᠡᠰᠳᠡᠯ ᠲᠡᠢ ᠪᠠᠶᠢᠭ᠎ᠠ

ᠽᠤᠤᠨᠤᠽ ᠡᠪᠡᠳᠴᠢᠨ ᠰᠤᠳᠤᠯᠤᠯ ᠤᠨ ᠦᠨᠳᠦᠰᠦᠨ ᠦ ᠲᠥᠪ ᠡᠴᠡ ᠬᠣᠶᠠᠷ ᠵᠢᠯ ᠳᠦ ᠨᠢᠭᠡ ᠤᠳᠠᠭ᠎ᠠ ᠣᠯᠠᠨ ᠤᠯᠤᠰ ᠤᠨ ᠡᠷᠳᠡᠮ ᠰᠢᠨᠵᠢᠯᠡᠭᠡᠨ ᠦ ᠬᠤᠷᠠᠯ ᠵᠣᠬᠢᠶᠠᠨ ᠪᠠᠶᠢᠭᠤᠯᠳᠠᠭ᠃ 6 ᠰᠠᠷ᠎ᠠ ᠶᠢᠨ 23 ᠳᠦ ᠲᠤᠰ ᠬᠤᠷᠠᠯ ᠪᠣᠯᠵᠤ᠂ ᠣᠯᠠᠨ ᠤᠯᠤᠰ ᠤᠨ ᠬᠤᠷᠠᠯᠳᠤᠭᠠᠨ ᠳᠤ ᠮᠣᠩᠭᠣᠯ ᠤᠯᠤᠰ᠂ ᠣᠷᠣᠰ ᠂ ᠬᠢᠲᠠᠳ ᠤᠨ ᠡᠷᠳᠡᠮᠲᠡᠳ 16 ᠢᠯᠡᠳᠬᠡᠯ ᠲᠠᠯᠪᠢᠵᠤ ᠬᠡᠯᠡᠯᠴᠡᠭᠦᠯᠵᠡᠢ᠃
ᠽᠤᠤᠨᠤᠽ ᠡᠪᠡᠳᠴᠢᠨ ᠰᠤᠳᠤᠯᠤᠯ ᠤᠨ ᠦᠨᠳᠦᠰᠦᠨ ᠦ ᠲᠥᠪ  ᠦᠨ ᠨᠡᠶᠢᠭᠡᠮ ᠤᠨ ᠡᠷᠡᠭᠦᠯ ᠮᠡᠨᠳᠦ᠂ ᠲᠠᠩᠳᠠᠯᠲᠠ ᠰᠢᠭᠤᠷᠬᠠᠢ ᠤᠳᠤᠷᠢᠳᠤᠯᠭ᠎ᠠ ᠶᠢᠨ ᠠᠯᠪᠠᠨ ᠤ ᠲᠠᠷᠬᠠᠪᠤᠷᠢ ᠰᠤᠳᠤᠯᠤᠭᠠᠴᠢ ᠳ᠂ ᠣᠳᠬᠣᠨᠪᠠᠶᠠᠷ ᠬᠣᠪᠳᠣ ᠠᠶᠢᠮᠠᠭ ᠲᠤ 1993-2022 ᠣᠨ ᠤ ᠬᠣᠭᠣᠷᠣᠨᠳᠣ ᠪᠤᠶᠤ 30 ᠵᠢᠯ ᠦᠨ ᠬᠤᠭᠤᠴᠠᠭᠠᠨ ᠳᠤ ᠪᠦᠷᠢᠳᠬᠡᠭᠳᠡᠭᠰᠡᠨ᠂ ᠲᠣᠬᠢᠶᠠᠯᠳᠤᠯ ᠤᠳ ᠤᠨ ᠲᠠᠷᠬᠠᠪᠤᠷᠢ ᠰᠤᠳᠤᠯᠤᠯ᠂ ᠡᠮᠨᠡᠯ ᠵᠦᠢ ᠶᠢᠨ ᠣᠨᠴᠠᠯᠢᠭ ᠤᠨ ᠲᠠᠯ᠎ᠠ ᠪᠠᠷ ᠢᠯᠡᠳᠬᠡᠯ ᠲᠠᠯᠪᠢᠵᠤ ᠬᠡᠯᠡᠯᠴᠡᠭᠦᠯᠦᠯ᠎ᠡ᠃ ᠲᠡᠭᠦᠨ ᠡᠴᠡ ᠵᠠᠷᠢᠮ ᠨᠢᠭᠡ ᠵᠦᠢᠯ ᠢ ᠲᠣᠳᠣᠷᠠᠭᠤᠯᠤᠯ᠎ᠠ᠃
– ᠲᠠ ᠢᠯᠡᠳᠬᠡᠯ ᠦᠨ ᠢᠶᠡᠨ ᠣᠨᠴᠠᠯᠢᠭ ᠲᠣᠪᠴᠢ ᠲᠠᠨᠢᠯᠴᠠᠭᠤᠯᠬᠤ ᠦᠭᠡᠢ ᠤᠤ?
– ᠮᠣᠩᠭᠣᠯ ᠤᠯᠤᠰ ᠲᠤ 17 ᠠᠶᠢᠮᠠᠭ ᠤᠨ 137 ᠰᠤᠮᠤ ᠲᠠᠷᠪᠠᠭᠠᠨ ᠲᠠᠬᠤᠯ ᠤᠨ ᠪᠠᠢᠭᠠᠯᠢ ᠶᠢᠨ ᠭᠣᠯᠣᠮᠲᠠ ᠲᠠᠢ᠃ ᠪᠠᠢᠭᠠᠯᠢ ᠶᠢᠨ ᠭᠣᠯᠣᠮᠲᠠ ᠭᠡᠳᠡᠭ ᠨᠢ ᠲᠠᠷᠪᠠᠭ᠎ᠠ ᠪᠤᠰᠤᠳ ᠮᠡᠷᠡᠭᠴᠢ ᠠᠮᠢᠲᠠᠳ ᠤᠨ ᠬᠣᠭᠣᠷᠣᠨᠳᠣ ᠲᠠᠷᠪᠠᠭᠠᠨ ᠲᠠᠬᠤᠯ ᠤᠨ ᠡᠭᠦᠰᠬᠡᠭᠴᠢ ᠪᠠᠶᠢᠭ᠎ᠠ ᠶᠢ ᠬᠡᠯᠡᠳᠡᠭ᠃ ᠰᠡᠭᠦᠯ ᠦᠨ ᠵᠢᠯ ᠦᠳ ᠦᠨ ᠰᠤᠳᠤᠯᠭᠠᠨ ᠤ ᠳ᠋ᠦᠩ ᠢᠶᠡᠷ ᠪᠠᠷᠠᠭᠤᠨ ᠠᠶᠢᠮᠠᠭ ᠤᠳ ᠤᠨ ᠭᠣᠯᠣᠮᠲᠠ ᠥᠨᠳᠥᠷ ᠡᠷᠡᠰᠳᠡᠯ ᠲᠡᠢ ᠭᠠᠷᠴᠤ ᠪᠠᠶᠢᠨ᠎ᠠ᠃ ᠲᠠᠷᠪᠠᠭᠠᠨ ᠲᠠᠬᠤᠯ ᠢᠶᠠᠷ ᠵᠢᠯ ᠪᠦᠷᠢ ᠬᠦᠮᠦᠨ ᠡᠪᠡᠳᠴᠢᠯᠡᠭᠰᠡᠨ ᠲᠣᠬᠢᠶᠠᠯᠳᠤᠯ ᠤᠳ ᠪᠦᠷᠢᠳᠬᠡᠭᠳᠡᠯ᠎ᠡ᠃ ᠬᠣᠪᠳᠣ ᠠᠶᠢᠮᠠᠭ ᠲᠤ 30 ᠵᠢᠯ ᠦᠨ ᠬᠤᠭᠤᠴᠠᠭᠠᠨ ᠳᠤ 32 ᠬᠦᠮᠦᠨ ᠡᠪᠡᠳᠴᠦ᠂ 13 ᠨᠢ ᠨᠠᠰᠤ ᠪᠠᠷᠠᠭᠰᠠᠨ ᠥᠨᠳᠥᠷ ᠦᠵᠡᠭᠦᠯᠦᠯᠲᠡ ᠭᠠᠷᠤᠯ᠎ᠠ᠃

– ᠲᠠᠷᠪᠠᠭᠠᠨ ᠲᠠᠬᠤᠯ ᠢᠶᠠᠷ ᠬᠦᠮᠦᠨ ᠨᠠᠰᠤ ᠪᠠᠷᠠᠵᠤ ᠪᠠᠶᠢᠨ᠎ᠠ᠃ ᠡᠨᠡ ᠨᠢ ᠨᠢᠭᠤᠭᠰᠠᠨ᠂ ᠶᠠᠮᠠᠷ ᠡᠪᠡᠳᠴᠢᠨ ᠲᠤᠰᠤᠭᠰᠠᠨ ᠢᠶᠠᠨ ᠮᠡᠳᠡᠭᠡ ᠦᠭᠡᠢ  ᠠᠴᠠ ᠭᠠᠷᠤᠭᠠᠳ ᠪᠠᠶᠢᠨ᠎ᠠ ᠤᠤ ?
– ᠰᠤᠳᠤᠯᠭᠠᠨ ᠤ ᠡᠬᠢᠨ ᠦ 10 ᠵᠢᠯ ᠳᠦ ᠡᠪᠡᠳᠴᠢᠯᠡᠯ ᠥᠨᠳᠥᠷ ᠪᠠᠶᠢᠭᠰᠠᠨ᠂ ᠲᠡᠭᠦᠨ ᠢ ᠳᠠᠭᠠᠭᠠᠳ ᠨᠠᠰᠤ  ᠪᠠᠷᠠᠯᠲᠠ ᠥᠨᠳᠥᠷ ᠪᠠᠢᠪᠠ᠃  ᠬᠤᠶᠠᠳᠠᠬᠢ 10 ᠵᠢᠯ ᠳᠦ ᠡᠪᠡᠳᠴᠢᠯᠡᠯ ᠪᠠᠭᠤᠷᠠᠭᠰᠠᠨ᠂ ᠭᠡᠲᠡᠯ᠎ᠡ ᠰᠡᠭᠦᠯ ᠦᠨ ᠠᠷᠪᠠᠨ ᠵᠢᠯ ᠳᠦ ᠡᠪᠡᠳᠴᠢᠯᠡᠯ ᠥᠨᠳᠥᠷ ᠭᠠᠷᠤᠯ᠎ᠠ᠃ ᠬᠣᠪᠳᠣ ᠠᠶᠢᠮᠠᠭ ᠲᠤ ᠲᠠᠷᠪᠠᠭᠠᠨ ᠲᠠᠬᠤᠯ ᠢᠶᠠᠷ ᠬᠦᠮᠦᠨ ᠡᠪᠡᠳᠦᠭᠰᠡᠨ᠂ ᠨᠠᠰᠤ ᠪᠠᠷᠠᠭᠰᠠᠨ ᠲᠣᠬᠢᠶᠠᠯᠳᠤᠯ 2020᠂ 2022 ᠣᠨ ᠨᠤᠭᠤᠳ ᠲᠤ ᠪᠦᠷᠢᠳᠬᠡᠭᠳᠡᠭᠰᠡᠨ᠃ ᠲᠠᠷᠪᠠᠭᠠᠨ ᠲᠠᠬᠤᠯ ᠡᠪᠡᠳᠴᠢᠨ ᠥᠪᠡᠷ ᠢᠶᠡᠨ ᠮᠠᠰᠢ ᠥᠨᠳᠥᠷ ᠬᠤᠤᠷ᠎ᠠ ᠴᠢᠨᠠᠷ ᠲᠠᠢ ᠨᠢᠶᠠᠨ ᠢᠶᠠᠷ ᠡᠭᠦᠰᠬᠡᠭᠳᠡᠳᠡᠭ᠃ ᠪᠣᠭᠣᠨᠢ ᠬᠤᠭᠤᠴᠠᠭᠠᠨ ᠳᠤ ᠡᠮᠡᠴᠢᠯᠡᠬᠦ ᠦᠭᠡᠢ ᠪᠣᠯ ᠦᠬᠦᠯ ᠳᠦ ᠬᠦᠷᠭᠡᠬᠦ ᠠᠶᠤᠯᠲᠠᠢ ᠭᠣᠴᠣ ᠬᠠᠯᠳᠠᠪᠤᠷᠢᠲᠤ ᠡᠪᠡᠳᠴᠢᠨ᠂ ᠲᠠᠷᠪᠠᠭ᠎ᠠ ᠲᠠᠢ ᠬᠠᠷᠢᠴᠠᠵᠤ ᠤᠯᠵᠤ ᠪᠠᠶᠢᠭ᠎ᠠ ᠤᠴᠢᠷ᠂ ᠲᠡᠭᠦᠨ ᠢ ᠦᠨᠡᠨ ᠵᠥᠪ ᠮᠡᠳᠡᠭᠦᠯᠵᠦ ᠡᠷᠲᠡ ᠡᠮᠨᠡᠯᠭᠡ ᠶᠢᠨ ᠲᠤᠰᠠᠯᠠᠮᠵᠢ᠂ ᠦᠢᠯᠡᠴᠢᠯᠡᠭᠡ ᠠᠪᠬᠤ ᠳᠤ ᠠᠩᠬᠠᠷᠬᠤ ᠶᠣᠰᠣᠲᠠᠢ᠃
– ᠬᠣᠨᠢᠨ ᠠᠴᠠ ᠲᠠᠷᠪᠠᠭᠠᠨ ᠲᠠᠬᠤᠯ ᠡᠪᠡᠳᠴᠢᠨ ᠬᠦᠮᠦᠨ ᠳᠦ ᠬᠠᠯᠳᠠᠭᠰᠠᠨ ᠲᠤᠬᠠᠢ ᠶᠠᠷᠢᠶ᠎ᠠ ᠭᠠᠷᠤᠯ᠎ᠠ᠃ ᠡᠨᠡ ᠶᠠᠮᠠᠷ ᠤᠴᠢᠷ ᠲᠠᠢ ᠶᠤᠮ ᠪᠤᠢ
-ᠮᠠᠨ ᠤ ᠣᠷᠣᠨ ᠤ ᠬᠤᠪᠢ ᠳᠤ ᠲᠠᠷᠪᠠᠭ᠎ᠠ ᠠᠴᠠ ᠬᠠᠯᠳᠠᠪᠤᠷᠢ ᠠᠪᠴᠤ ᠲᠠᠷᠪᠠᠭᠠᠨ ᠲᠠᠬᠤᠯ ᠢᠶᠠᠷ ᠬᠦᠮᠦᠨ ᠡᠪᠡᠳᠴᠢᠯᠡᠭᠰᠡᠨ ᠪᠠᠶᠢᠳᠠᠭ᠃ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠲᠤ ᠲᠠᠷᠪᠠᠭᠠᠨ ᠲᠠᠬᠤᠯ ᠡᠪᠡᠳᠴᠢᠨ ᠬᠤᠨᠢ ᠠᠴᠠ ᠬᠦᠨᠳᠦ ᠬᠠᠯᠳᠠᠭᠰᠠᠨ ᠲᠣᠬᠢᠶᠠᠯᠳᠤᠯ ᠭᠠᠷᠤᠭᠰᠠᠨ ᠶᠤᠮ ᠪᠠᠶᠢᠨ᠎ᠠ᠃ ᠡᠨᠡ ᠪᠣᠯ ᠣᠨᠴᠠᠭᠠᠢ᠂ ᠬᠣᠪᠣᠷ ᠲᠣᠬᠢᠶᠠᠯᠳᠤᠯ ᠤᠴᠢᠷ ᠠᠴᠠ ᠣᠯᠠᠨ ᠤᠯᠤᠰ ᠤᠨ ᠬᠤᠷᠠᠯ ᠳᠡᠭᠡᠷ᠎ᠡ ᠬᠥᠨᠳᠡᠭᠳᠡᠭᠰᠡᠨ ᠰᠡᠳᠦᠪ᠃

ᠰᠡᠳᠬᠢᠭᠳᠡᠯ ᠦᠯᠡᠳᠡᠭᠡᠬᠦ