ᠪᠧᠷᠯᠢᠨ ᠦ ᠣᠯᠢᠮᠫ ᠤᠨ ᠤᠷᠤᠯᠳᠤᠭᠠᠨ ᠲᠡᠮᠡᠴᠡᠭᠡᠨ ᠦ ᠦᠶ᠎ᠡ ᠪᠡᠷ ᠪᠤᠶᠤ 6 ᠳ᠋ᠤᠭᠠᠷ ᠰᠠᠷ᠎ᠠ ᠶᠢᠨ 18 ᠳᠦ ᠳᠡᠯᠡᠬᠡᠢ ᠶᠢᠨ ᠲᠤᠰᠬᠠᠢ ᠣᠯᠢᠮᠫ 《ᠬᠦᠷᠲᠡᠭᠡᠮᠵᠢᠲᠡᠢ ᠨᠡᠶᠢᠭᠡᠮ ᠤᠨ ᠲᠥᠯᠦᠭᠡᠬᠢ ᠳᠡᠯᠡᠬᠡᠢ ᠶᠢᠨ ᠤᠳᠤᠷᠢᠳᠤᠭᠴᠢᠳ ᠤᠨ ᠡᠪᠰᠡᠯ》 ᠢ ᠪᠠᠶᠢᠭᠤᠯᠵᠤ᠂ ᠡᠨᠡ ᠬᠦ ᠡᠪᠰᠡᠯ ᠢ ᠡᠭᠦᠰᠬᠡᠨ ᠪᠠᠶᠢᠭᠤᠯᠤᠭᠴᠢ ᠳᠦᠷᠪᠡᠨ ᠲᠢᠪ ᠦᠨ 14 ᠣᠷᠣᠨ ᠤ ᠨᠢᠭᠡ ᠪᠡᠷ ᠮᠣᠩᠭᠣᠯ ᠤᠯᠤᠰ ᠨᠡᠷᠡᠯᠡᠭᠳᠡᠵᠡᠢ᠃ ᠳᠡᠯᠡᠬᠡᠢ ᠶᠢᠨ ᠲᠤᠰᠬᠠᠢ ᠣᠯᠢᠮᠫ ᠤᠨ ᠲᠡᠷᠢᠭᠦᠨ ᠲᠢᠮ ᠱᠧᠷᠠᠢᠸᠡᠷ ᠤᠳᠤᠷᠢᠳᠤᠭᠰᠠᠨ 《ᠬᠦᠷᠲᠡᠭᠡᠮᠵᠢᠲᠡᠢ ᠨᠡᠶᠢᠭᠡᠮ ᠤᠨ ᠲᠥᠯᠦᠭᠡᠬᠢ ᠳᠡᠯᠡᠬᠡᠢ ᠶᠢᠨ ᠤᠳᠤᠷᠢᠳᠤᠭᠴᠢᠳ ᠤᠨ ᠡᠪᠰᠡᠯ》 ᠢ ᠪᠠᠶᠢᠭᠤᠯᠬᠤ ᠳᠤᠭᠤᠢ ᠰᠢᠷᠡᠭᠡᠨ ᠦ ᠠᠭᠤᠯᠵᠠᠯᠲᠠ ᠳᠤ ᠮᠣᠩᠭᠣᠯ ᠤᠯᠤᠰ ᠢ ᠲᠥᠯᠥᠭᠡᠯᠡᠨ ᠬᠥᠳᠡᠯᠮᠦᠷᠢ᠂ ᠨᠡᠶᠢᠭᠡᠮ ᠤᠨ ᠬᠠᠮᠠᠭᠠᠯᠠᠯ ᠤᠨ ᠳᠡᠳ᠋ ᠰᠠᠶᠢᠳ ᠰ ∙ ᠵᠤᠯᠫᠠᠬᠠᠷ ᠣᠷᠣᠯᠴᠠᠯ᠎ᠠ᠃ ᠡᠪᠰᠡᠯ ᠦᠨ ᠵᠣᠷᠢᠯᠭ᠎ᠠ ᠨᠢ ᠳᠡᠯᠡᠬᠡᠢ ᠳᠠᠶᠠᠭᠠᠷ 150 ᠮᠢᠩᠭᠠᠨ ᠰᠤᠷᠭᠠᠭᠤᠯᠢ ᠪᠠᠷ ᠳᠠᠮᠵᠢᠭᠤᠯᠤᠨ 2 ᠰᠠᠶ᠎ᠠ ᠣᠶᠤᠨ ᠤ ᠢᠯᠭᠠᠭ᠎ᠠ ᠲᠠᠢ ᠬᠥᠭᠵᠢᠯ ᠲᠡᠢ ᠬᠡᠦᠬᠡᠳ ᠦᠳ ᠲᠦ ᠬᠦᠷᠲᠡᠭᠡᠮᠵᠢᠲᠡᠢ ᠪᠣᠯᠪᠠᠰᠤᠷᠠᠯ ᠢ ᠣᠯᠭᠣᠬᠤ᠂ ᠪᠣᠯᠪᠠᠰᠤᠷᠠᠯ ᠤᠨ ᠰᠢᠰᠲ᠋ᠧᠮ ᠳᠦ ᠰᠢᠨᠡᠴᠢᠯᠡᠯ ᠬᠢᠬᠦ ᠠᠵᠢᠯ ᠢ ᠡᠷᠴᠢᠮᠵᠢᠭᠦᠯᠬᠦ ᠶᠤᠮ᠃
ᠣᠶᠤᠨ ᠤ ᠢᠯᠭᠠᠭ᠎ᠠ ᠲᠠᠢ ᠬᠥᠭᠵᠢᠯ ᠲᠡᠢ ᠬᠡᠦᠬᠡᠳ ᠦᠳ ᠦᠨ 43 ᠬᠤᠪᠢ ᠰᠤᠷᠭᠠᠭᠤᠯᠢ ᠠᠴᠠ ᠵᠠᠪᠰᠠᠷᠳᠠᠭᠰᠠᠨ᠂ 49 ᠬᠤᠪᠢ ᠨᠢ ᠬᠡᠵᠢᠶ᠎ᠡ ᠴᠤ ᠰᠤᠷᠭᠠᠭᠤᠯᠢ ᠳᠤ ᠶᠠᠪᠤᠵᠤ ᠦᠵᠡᠭᠡ ᠦᠭᠡᠢ᠂ 42 ᠬᠤᠪᠢ ᠨᠢ ᠤᠩᠰᠢᠵᠤ ᠪᠢᠴᠢᠬᠦ᠂ ᠳᠥᠷᠪᠡᠨ ᠠᠷᠭ᠎ᠠ ᠶᠢᠨ ᠲᠣᠭ᠎ᠠ ᠪᠣᠳᠣᠵᠤ ᠴᠢᠳᠠᠬᠤ ᠦᠭᠡᠢ᠂ ᠡᠩ ᠦᠨ ᠬᠡᠦᠬᠡᠳ ᠦᠳ ᠲᠡᠢ ᠬᠠᠷᠢᠴᠠᠭᠤᠯᠪᠠᠯ ᠬᠣᠶᠠᠷ ᠠᠴᠠ ᠭᠤᠷᠪᠠ ᠳᠠᠬᠢᠨ ᠪᠤᠰᠤᠳ ᠲᠤ ᠳᠡᠭᠡᠷᠡᠯᠬᠡᠭᠦᠯᠵᠦ᠂ ᠭᠠᠳᠠᠭᠤᠷᠬᠠᠭᠳᠠᠳᠠᠭ ᠶᠤᠮ ᠪᠠᠶᠢᠨ᠎ᠠ᠃ ᠃ ᠡᠶᠢᠮᠦ ᠤᠴᠢᠷ ᠠᠴᠠ ᠲᠤᠰᠬᠠᠢ ᠣᠯᠢᠮᠫ ᠥᠨᠥᠳᠥᠷ ᠢ ᠬᠦᠷᠲᠡᠯ᠎ᠡ ᠳᠡᠯᠡᠬᠡᠢ ᠶᠢᠨ 148 ᠣᠷᠣᠨ ᠤ 30 ᠮᠢᠩᠭᠠᠨ ᠰᠤᠷᠭᠠᠭᠤᠯᠢ ᠳᠤ ᠠᠮᠵᠢᠯᠲᠠ ᠲᠠᠢ ᠬᠡᠷᠡᠭᠵᠢᠭᠦᠯᠵᠦ ᠪᠤᠢ ᠬᠦᠷᠲᠡᠭᠡᠮᠵᠢᠲᠡᠢ ᠪᠣᠯᠪᠠᠰᠤᠷᠠᠯ ᠤᠨ ᠬᠥᠲᠥᠯᠪᠦᠷᠢ ᠪᠡᠨ ᠥᠷᠭᠡᠳᠬᠡᠵᠦ᠂ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠶᠢᠨ ᠲᠣᠭᠲᠠᠪᠤᠷᠢᠲᠠᠢ ᠬᠥᠭᠵᠢᠯ ᠦᠨ ᠵᠣᠷᠢᠯᠲᠠ ᠨᠤᠭᠤᠳ ᠢ ᠪᠡᠶᠡᠯᠡᠭᠦᠯᠵᠦ᠂ ᠬᠦᠮᠦᠯᠢᠭ ᠦᠨ ᠬᠤᠪᠢᠰᠬᠠᠯ ᠬᠢᠬᠦ ᠳᠦ ᠮᠣᠩᠭᠣᠯ ᠤᠯᠤᠰ ᠮᠠᠩᠯᠠᠶᠢᠯᠠᠨ ᠣᠷᠣᠯᠴᠠᠵᠤ ᠪᠠᠶᠢᠨ᠎ᠠ᠃