ᠫᠤᠯᠠᠨᠳ᠋ ᠤᠯᠤᠰ ᠤᠨ ᠸᠠᠷᠱᠠᠸᠠ  ᠬᠤᠲᠠ ᠳᠤ ᠮᠣᠩᠭᠣᠯ ᠨᠠᠭᠠᠳᠤᠮ ᠵᠣᠬᠢᠶᠠᠵᠠᠢ | News.MN

ᠫᠤᠯᠠᠨᠳ᠋ ᠤᠯᠤᠰ ᠤᠨ ᠸᠠᠷᠱᠠᠸᠠ  ᠬᠤᠲᠠ ᠳᠤ ᠮᠣᠩᠭᠣᠯ ᠨᠠᠭᠠᠳᠤᠮ ᠵᠣᠬᠢᠶᠠᠵᠠᠢ

ᠮᠣᠩᠭᠣᠯ ᠤᠯᠤᠰ ᠠᠴᠠ ᠪᠦᠭᠦᠳᠡ ᠨᠠᠶᠢᠷᠠᠮᠳᠠᠬᠤ ᠫᠤᠯᠠᠨᠳ᠋ ᠤᠯᠤᠰ ᠲᠤ ᠰᠠᠭᠤᠭ᠎ᠠ ᠣᠨᠴᠠ ᠪᠥᠭᠡᠳ ᠪᠦᠷᠢᠨ ᠡᠷᠬᠡᠲᠦ ᠡᠯᠴᠢᠨ ᠰᠠᠶᠢᠳ ᠤᠨ ᠢᠪᠡᠭᠡᠯ ᠳᠣᠣᠷ᠎ᠠ 《МОНГОЛ НААДАМ》  ᠢ  ᠫᠤᠯᠠᠨᠳ᠋ ᠲᠡᠬᠢ ᠮᠣᠩᠭᠣᠯᠴᠤᠳ ᠤᠨ ᠬᠣᠯᠪᠣᠭ᠎ᠠ ᠸᠠᠷᠱᠠᠸᠠ ᠬᠣᠲᠠ ᠶᠢᠨ ᠫᠣᠪᠰᠢᠨ ᠴᠡᠴᠡᠷᠯᠢᠭᠲᠦ ᠬᠦᠷᠢᠶᠡᠯᠡᠩ ᠳᠦ  6 ᠳ᠋ᠤᠭᠠᠷ ᠰᠠᠷ᠎ᠠ ᠶᠢᠨ 17  ᠳᠦ ᠠᠮᠵᠢᠯᠲᠠᠲᠠᠢ ᠵᠣᠬᠢᠶᠠᠨ ᠪᠠᠶᠢᠭᠤᠯᠪᠠ᠃ ᠨᠠᠭᠠᠳᠤᠮ ᠤᠨ ᠨᠡᠭᠡᠭᠡᠯᠲᠡ ᠶᠢᠨ ᠠᠷᠭ᠎ᠠ ᠬᠡᠮᠵᠢᠶᠡᠨ ᠳᠦ ᠸᠠᠷᠱᠠᠸᠠ ᠬᠣᠲᠠ᠂ ᠫᠣᠪᠰᠢᠨ ᠴᠡᠴᠡᠷᠯᠢᠭᠲᠦ ᠬᠦᠷᠢᠶᠡᠯᠡᠩ ᠦᠨ ᠤᠳᠤᠷᠢᠳᠤᠯᠭ᠎ᠠ ᠨᠠᠷ  ᠪᠣᠯᠤᠨ ᠠᠯᠪᠠᠨ ᠤ ᠵᠠᠷᠢᠮ ᠬᠦᠮᠦᠰ ᠤᠷᠢᠭᠳᠠᠨ ᠤᠷᠤᠯᠴᠠᠪᠠ᠃
ᠮᠣᠩᠭᠣᠯ ᠤᠯᠤᠰ ᠤᠨ ᠡᠯᠴᠢᠨ ᠰᠠᠶᠢᠳ ᠤᠨ ᠶᠠᠮᠤᠨ ᠨᠠᠭᠠᠳᠤᠮ ᠤᠨ ᠲᠠᠯᠠᠪᠠᠢ ᠳᠤ ᠮᠣᠩᠭᠣᠯ ᠭᠡᠷ ᠪᠠᠷᠢᠵᠤ᠂ ᠬᠦᠨᠳᠦᠲᠦ ᠵᠣᠴᠢᠳ ᠢ ᠬᠦᠯᠢᠶᠡᠵᠦ ᠠᠪᠤᠭᠰᠠᠨ ᠪᠥᠭᠡᠳ ᠮᠣᠩᠭᠣᠯ ᠭᠡᠷ ᠦᠨ ᠲᠠᠨᠢᠯᠴᠠᠭᠤᠯᠭ᠎ᠠ᠂ 2023 ᠣᠨ ᠳᠤ ᠵᠢᠭᠤᠯᠴᠢᠳ ᠲᠤ ᠵᠣᠷᠢᠭᠤᠯᠤᠨ ᠮᠣᠩᠭᠣᠯ ᠤᠯᠤᠰ ᠲᠤ ᠵᠣᠬᠢᠶᠠᠨ ᠪᠠᠶᠢᠭᠤᠯᠤᠭᠳᠠᠬᠤ ᠠᠷᠭ᠎ᠠ ᠬᠡᠮᠵᠢᠶ᠎ᠡ ᠨᠦᠭᠦᠳ ᠦᠨ ᠲᠠᠨᠢᠯᠴᠠᠭᠤᠯᠭ᠎ᠠ ᠶᠢ ᠬᠢᠪᠡ᠃ ᠫᠤᠯᠠᠨᠳ᠋ ᠢᠷᠭᠡᠳ ᠨᠠᠭᠠᠳᠤᠮ ᠤᠨ ᠲᠠᠯᠠᠪᠠᠢ ᠳᠤ ᠪᠠᠷᠢᠭᠰᠠᠨ ᠭᠡᠷ᠂ ᠮᠠᠶᠢᠬᠠᠨ ᠢᠶᠠᠷ ᠣᠷᠣᠵᠤ ᠮᠣᠩᠭᠣᠯ ᠰᠤᠶᠤᠯ᠂ ᠶᠣᠰᠣ ᠵᠠᠩᠰᠢᠯ ᠲᠠᠢ ᠲᠠᠨᠢᠯᠴᠠᠪᠠ᠃
ᠬᠥᠲᠥᠯᠪᠦᠷᠢ ᠶᠢᠨ ᠳᠠᠭᠠᠤ ᠦᠨᠳᠦᠰᠦᠨ ᠦ ᠪᠥᠬᠡ ᠶᠢᠨ ᠪᠠᠷᠢᠯᠳᠤᠭᠠᠨ᠂ ᠱᠠᠭ᠎ᠠ ᠶᠢᠨ ᠬᠠᠷᠪᠤᠭ᠎ᠠ᠂ ᠬᠡᠦᠬᠡᠳ ᠦᠨ ᠵᠢᠷᠤᠭ ᠤᠨ ᠤᠷᠤᠯᠳᠤᠭᠠᠨ᠂ ᠰᠢᠲᠠᠷ᠎ᠠ ᠶᠢᠨ ᠲᠡᠮᠡᠴᠡᠭᠡᠨ᠂ ᠮᠣᠩᠭᠣᠯ ᠬᠤᠪᠴᠠᠰᠤᠨ ᠤ ᠵᠠᠭᠪᠤᠷ ᠦᠵᠡᠭᠦᠯᠪᠦᠷᠢ᠂ ᠮᠣᠩᠭᠣᠯᠴᠤᠳ ᠤᠨ ᠫᠠᠷᠠᠳ᠋᠂ ᠦᠵᠡᠰᠬᠦᠯᠡᠩ ᠬᠤᠳᠠᠯᠳᠤᠭ᠎ᠠ᠂ ᠮᠣᠩᠭᠣᠯ ᠬᠣᠭᠣᠯᠠᠨ ᠤ ᠦᠢᠯᠡᠴᠢᠯᠡᠭᠡ ᠵᠡᠷᠭᠡ ᠣᠯᠠᠨ ᠠᠷᠭ᠎ᠠ ᠬᠡᠮᠵᠢᠶ᠎ᠡ ᠵᠣᠬᠢᠶᠠᠨ ᠪᠠᠶᠢᠭᠤᠯᠤᠭᠳᠠᠯ᠎ᠠ᠃ ᠪᠥᠬᠡ ᠶᠢᠨ ᠪᠠᠷᠢᠯᠳᠤᠭᠠᠨ ᠳᠤ ᠬᠣᠪᠳᠣ ᠠᠶᠢᠮᠠᠭ ᠤᠨ ᠮᠥᠰᠦᠲᠦ ᠰᠤᠮᠤ ᠶᠢᠨ ᠬᠠᠷᠢᠶᠠᠲᠤ᠂ ᠠᠶᠢᠮᠠᠭ ᠤᠨ ᠨᠠᠴᠢᠨ ᠣ᠊∙ᠫᠦᠷᠪᠦᠪᠠᠶᠠᠷ ᠲᠦᠷᠦᠭᠦᠯᠡᠵᠦ᠂ ᠫᠤᠯᠠᠨᠳ᠋ ᠬᠤᠲᠠ ᠶᠢᠨ ᠷᠠᠳᠣᠮ ᠬᠣᠲᠠ ᠶᠢᠨ ᠶᠡᠬᠡ ᠰᠤᠷᠭᠠᠭᠤᠯᠢ ᠶᠢᠨ ᠬᠡᠯᠡᠨ ᠦ ᠪᠡᠯᠡᠳᠬᠡᠯ ᠦᠨ ᠣᠶᠤᠲᠠᠨ ᠭ ∙ ᠪᠠᠲᠤᠰᠠᠶᠢᠬᠠᠨ ᠦᠵᠦᠭᠦᠷᠯᠡᠯ᠎ᠡ᠃

ᠰᠡᠳᠬᠢᠭᠳᠡᠯ ᠦᠯᠡᠳᠡᠭᠡᠬᠦ