ᠹᠢᠯᠢᠫ ᠮᠠᠯᠤᠨ ᠳᠤ《ᠠᠯᠲᠠᠨ ᠭᠡᠷᠡᠭᠡ》ᠳᠤᠷᠠᠰᠬᠠᠪᠠ | News.MN

ᠹᠢᠯᠢᠫ ᠮᠠᠯᠤᠨ ᠳᠤ《ᠠᠯᠲᠠᠨ ᠭᠡᠷᠡᠭᠡ》ᠳᠤᠷᠠᠰᠬᠠᠪᠠ

ᠭᠠᠳᠠᠭᠠᠳᠤ ᠬᠠᠷᠢᠯᠴᠠᠭᠠᠨ ᠤ ᠰᠠᠶᠢᠳ ᠪ∙ᠪᠠᠲᠤᠴᠡᠴᠡᠭ ᠶᠡᠬᠡ ᠪᠷᠢᠲ᠋ᠠᠨ ᠤ ᠤᠮᠠᠷᠠᠳᠤ ᠠᠢᠷᠯᠠᠨᠳ᠋ ᠤᠨ ᠨᠢᠭᠡᠲᠦᠭᠰᠡᠨ ᠬᠠᠭᠠᠨᠲᠤ ᠤᠯᠤᠰ  ᠠᠴᠠ ᠮᠣᠩᠭᠣᠯ ᠤᠯᠤᠰ ᠲᠤ ᠰᠠᠭᠤᠭ᠎ᠠ ᠡᠯᠴᠢᠨ ᠰᠠᠶᠢᠳ ᠹᠢᠯᠢᠫ ᠮᠠᠯᠤᠨ ᠢ ᠡᠬᠡ ᠣᠷᠣᠨ ᠳᠤ ᠪᠠᠨ ᠪᠦᠷᠢᠮᠦᠰᠦᠨ ᠪᠤᠴᠠᠵᠤ ᠪᠠᠶᠢᠭ᠎ᠠ ᠲᠠᠢ ᠨᠢ ᠬᠣᠯᠪᠣᠭᠳᠠᠭᠤᠯᠤᠨ  6 ᠳ᠋ᠤᠭᠠᠷ ᠰᠠᠷ᠎ᠠ ᠶᠢᠨ 22  ᠤ ᠡᠳᠦᠷ ᠬᠦᠯᠢᠶᠡᠨ ᠠᠪᠴᠤ ᠠᠭᠤᠯᠵᠠᠪᠠ᠃
ᠰᠠᠶᠢᠳ ᠪ ∙ ᠪᠠᠲᠤᠴᠡᠴᠡᠭ ᠡᠯᠴᠢᠨ ᠰᠠᠶᠢᠳ ᠹᠢᠯᠢᠫ ᠮᠠᠯᠤᠨ ᠢ ᠮᠣᠩᠭᠣᠯ ᠤᠯᠤᠰ ᠲᠤ ᠠᠵᠢᠯᠯᠠᠬᠤ ᠬᠤᠭᠤᠴᠠᠭᠠᠨ ᠳᠤ ᠪᠠᠨ ᠮᠣᠩᠭᠣᠯ᠂  ᠪᠷᠢᠲ᠋ᠠᠨ ᠤ ᠬᠠᠷᠢᠯᠴᠠᠭ᠎ᠠ ᠶᠢ ᠬᠥᠭᠵᠢᠭᠦᠯᠬᠦ ᠳᠦ ᠣᠷᠣᠭᠤᠯᠤᠭᠰᠠᠨ ᠬᠤᠪᠢ ᠨᠡᠮᠡᠷᠢ ᠶᠢ ᠨᠢ ᠰᠠᠶᠢᠰᠢᠶᠠᠵᠤ᠂ ᠬᠣᠶᠠᠷ ᠣᠷᠣᠨ ᠤ ᠬᠠᠷᠢᠯᠴᠠᠭ᠎ᠠ᠂ ᠬᠠᠮᠲᠤ ᠶᠢᠨ ᠠᠵᠢᠯᠯᠠᠭ᠎ᠠ ᠥᠷᠭᠡᠵᠢᠨ ᠪᠡᠬᠢᠵᠢᠵᠦ ᠪᠠᠶᠢᠭ᠎ᠠ ᠶᠢ ᠤᠨᠴᠠᠯᠠᠨ᠂ ᠡᠯᠴᠢᠨ ᠰᠠᠶᠢᠳ ᠤᠨ ᠬᠦᠴᠦᠨ ᠴᠢᠷᠮᠠᠶᠢᠯᠲᠠ᠂ ᠬᠤᠪᠢ ᠨᠡᠮᠡᠷᠢ ᠶᠢ ᠦᠨᠡᠯᠡᠵᠦ᠂ ᠴᠢᠨᠠᠭᠰᠢᠳᠠ ᠶᠢᠨ ᠠᠵᠢᠯ ᠦᠢᠯᠡᠰ ᠲᠦ ᠥᠨᠳᠥᠷ ᠠᠮᠵᠢᠯᠲᠠ ᠶᠢ ᠬᠦᠰᠡᠵᠦ᠂ ᠭᠠᠳᠠᠭᠠᠳᠤ ᠬᠠᠷᠢᠯᠴᠠᠭᠠᠨ ᠤ ᠶᠠᠮᠤᠨ ᠤ 《ᠠᠯᠲᠠᠨ  ᠭᠡᠷᠡᠭᠡ》  ᠶᠢ ᠳᠤᠷᠠᠰᠬᠠᠪᠠ᠃

ᠰᠡᠳᠬᠢᠭᠳᠡᠯ ᠦᠯᠡᠳᠡᠭᠡᠬᠦ