ᠮᠣᠩᠭᠣᠯ ᠤᠯᠤᠰ ᠤᠨ ᠶᠡᠷᠦᠩᠬᠡᠶᠢᠯᠡᠭᠴᠢ ᠤᠬᠤᠨ᠎ᠠ ᠶᠢᠨ ᠬᠦᠷᠡᠯᠰᠦ᠋ᠬᠡ ᠲᠥᠪ ᠠᠶᠢᠮᠠᠭ ᠤᠨ ᠪᠠᠶᠠᠨᠴᠢᠨᠳᠠᠮᠤᠨᠢ ᠰᠤᠮᠤ ᠶᠢᠨ ᠨᠤᠲᠤᠭ ᠲᠤ ᠦᠢᠯᠡ ᠠᠵᠢᠯᠯᠠᠭ᠎ᠠ ᠶᠠᠪᠤᠭᠤᠯᠵᠤ ᠪᠤᠢ《 ᠰᠤᠶᠤᠯᠵᠢ》ᠺᠤᠮᠫᠠᠨᠢ ᠶᠢᠨ ᠮᠣᠳᠣ ᠦᠷᠡᠵᠢᠭᠦᠯᠭᠡ ᠶᠢᠨ ᠭᠠᠵᠠᠷ ᠲᠤ ᠠᠵᠢᠯᠯᠠᠯ᠎ᠠ᠃
50 ᠭᠠ ᠲᠠᠯᠠᠪᠠᠢ ᠪᠦᠬᠦᠢ ᠡᠨᠡ ᠭᠠᠵᠠᠷ ᠲᠤ 15 ᠲᠥᠷᠥᠯ ᠦᠨ ᠮᠣᠳᠣ᠂ ᠪᠤᠲᠠ ᠦᠷᠡᠵᠢᠭᠦᠯᠳᠡᠭ ᠪᠥᠭᠡᠳ ᠤᠰᠤᠨ ᠰᠠᠩ᠂ ᠦᠷᠡᠰᠯᠡᠭᠡᠨ ᠦ ᠬᠦᠯᠡᠮᠵᠢ᠂ ᠤᠰᠤᠯᠠᠭᠠᠨ ᠤ ᠰᠢᠰᠲ᠋ᠧᠮ᠂ ᠴᠠᠬᠢᠯᠭᠠᠨ ᠳᠡᠳ᠋ ᠪᠦᠲᠦᠴᠡ᠂ ᠤᠷᠭᠤᠮᠠᠯ ᠪᠣᠯᠤᠨ ᠦᠷ᠎ᠡ ᠬᠠᠳᠠᠭᠠᠯᠠᠬᠤ ᠵᠣᠭᠣᠷᠢ᠂ ᠠᠭᠤᠯᠬᠤ ᠵᠡᠷᠭᠡ ᠶᠢ ᠴᠣᠭᠴᠠ ᠪᠠᠷ ᠨᠢ ᠰᠢᠢᠳᠬᠦ ᠳᠦ 2.7 ᠲᠡᠷᠪᠤᠮ ᠲᠥᠭᠥᠷᠢᠭ ᠦᠨ ᠬᠥᠷᠥᠩᠭᠡ ᠵᠠᠷᠤᠴᠠᠭᠤᠯᠵᠠᠢ᠃ ᠣᠳᠣ ᠪᠠᠷ ᠰᠢᠯᠵᠢᠭᠦᠯᠦᠨ ᠰᠠᠭᠤᠯᠭᠠᠬᠤ ᠳᠤ ᠪᠡᠯᠡᠨ 20 ᠰᠠᠶ᠎ᠠ ᠮᠣᠳᠣ᠂ ᠪᠤᠲᠠᠨ ᠤ ᠲᠠᠷᠢᠴᠠ᠂ ᠣᠶᠢᠵᠢᠭᠤᠯᠤᠯᠲᠠ ᠳᠤ ᠵᠣᠷᠢᠭᠤᠯᠤᠭᠰᠠᠨ ᠭᠤᠷᠪᠠᠨ ᠰᠠᠶ᠎ᠠ ᠮᠣᠳᠣᠨ ᠤ ᠨᠥᠭᠡᠴᠡ ᠲᠡᠢ᠃ ᠲᠡᠳᠡ ᠣᠢ ᠶᠢᠨ ᠮᠡᠷᠭᠡᠵᠢᠯ ᠦᠨ ᠪᠠᠶᠢᠭᠤᠯᠤᠯᠭ᠎ᠠ ᠶᠢᠨ ᠲᠠᠷᠢᠴᠠ᠂ ᠰᠠᠭᠤᠯᠭᠠᠴᠠ ᠶᠢᠨ ᠨᠥᠭᠡᠴᠡ ᠶᠢᠨ 70 ᠬᠤᠪᠢ ᠶᠢ ᠳᠠᠩ ᠢᠶᠠᠷ ᠪᠦᠷᠢᠳᠦᠭᠦᠯᠵᠦ ᠪᠠᠶᠢᠨ᠎ᠠ᠃
ᠲᠤᠰ ᠺᠣᠮᠫᠠᠨᠢ《ᠲᠡᠷᠪᠤᠮ ᠮᠣᠳᠣ》ᠦᠨᠳᠦᠰᠦᠨ ᠦ ᠬᠥᠳᠡᠯᠭᠡᠭᠡᠨ ᠦ ᠬᠦᠷᠢᠶᠡᠨ ᠳᠦ ᠤᠯᠠᠭᠠᠨᠪᠠᠭᠠᠲᠤᠷ-ᠳᠠᠷᠬᠠᠨ ᠴᠢᠭᠯᠡᠯ ᠦᠨ ᠵᠠᠮ ᠤᠨ ᠳᠠᠭᠠᠤ ᠲᠠᠪᠤᠨ ᠭᠠᠵᠠᠷ ᠲᠤ ᠣᠶᠢᠵᠢᠭᠤᠯᠤᠯᠲᠠ ᠶᠢᠨ ᠲᠥᠰᠥᠯ ᠬᠡᠷᠡᠭᠵᠢᠭᠦᠯᠬᠦ ᠪᠡᠷ ᠲᠥᠯᠥᠪᠯᠡᠭᠰᠡᠨ ᠪᠠᠢᠨ᠎ᠠ᠃