ᠠᠽᠧᠷᠪᠠᠶᠢᠵᠠᠨ ᠤ ᠨᠡᠶᠢᠰᠯᠡᠯ ᠪᠠᠺᠦ᠋ ᠬᠤᠲᠠᠨ᠎ᠠ ᠡᠨᠡ ᠣᠨ ᠤ ᠳᠣᠯᠣᠳᠤᠭᠠᠷ ᠰᠠᠷ᠎ᠠ ᠶᠢᠨ 30 ᠠᠴᠠ ᠨᠠᠢ᠌ᠮᠠᠳᠤᠭᠠᠷ ᠰᠠᠷ᠎ᠠ ᠶᠢᠨ 24 ᠪᠤᠯᠲᠠᠯ᠎ᠠ 2023 ᠣᠨ ᠤ 《ᠳᠡᠯᠡᠬᠡᠢ ᠶᠢᠨ ᠴᠣᠮᠣ》 ᠰᠢᠲᠠᠷ᠎ᠠ ᠶᠢᠨ ᠲᠡᠮᠡᠴᠡᠭᠡᠨ ᠪᠣᠯᠤᠨ᠎ᠠ᠃ ᠤᠭ ᠲᠡᠮᠡᠴᠡᠭᠡᠨ ᠳᠦ ᠤᠷᠤᠯᠴᠠᠬᠤ ᠲᠠᠮᠢᠷᠴᠢᠨ ᠢ ᠲᠣᠳᠣᠷᠠᠭᠤᠯᠬᠤ ᠰᠣᠩᠭᠣᠨ ᠰᠢᠯᠭᠠᠷᠠᠭᠤᠯᠬᠤ ᠲᠡᠮᠡᠴᠡᠭᠡᠨ ᠳᠤ《ᠭᠡᠭᠡᠨ ᠠᠷᠪᠠᠢ》 ᠺᠯᠦ᠋ᠫ ᠦᠨ ᠲᠠᠮᠢᠷᠴᠢᠨ ᠭ ∙ ᠠᠮᠤᠷᠲᠦ᠋ᠪᠰᠢᠨ ᠲᠦᠷᠦᠭᠦᠯᠡᠵᠦ ᠲᠡᠮᠡᠴᠡᠭᠡᠨ ᠳᠦ ᠤᠷᠤᠯᠴᠠᠬᠤ ᠡᠷᠬᠡ ᠠᠪᠤᠭᠰᠠᠨ ᠮᠣᠩᠭᠣᠯ ᠤᠯᠤᠰ ᠤᠨ ᠳᠥᠷᠪᠡᠳ᠋ᠡᠬᠢ ᠲᠠᠮᠢᠷᠴᠢᠨ ᠢᠶᠠᠷ ᠲᠣᠳᠣᠷᠠᠯ᠎ᠠ᠃
ᠡᠨᠡ ᠵᠢᠯ 18 ᠨᠠᠰᠤᠲᠠᠢ ᠭ∙ᠠᠮᠤᠷᠲᠦ᠋ᠪᠰᠢᠨ《ᠳᠡᠯᠡᠬᠡᠢ ᠶᠢᠨ ᠴᠤᠮᠤ》ᠲᠡᠮᠡᠴᠡᠭᠡᠨ ᠳᠦ ᠠᠩᠬ᠎ᠠ ᠤᠳᠠᠭ᠎ᠠ ᠳᠡᠯᠡᠬᠡᠢ ᠶᠢᠨ ᠰᠢᠯᠢᠳᠡᠭ ᠦᠳ ᠲᠡᠢ ᠲᠣᠭᠯᠠᠬᠤ ᠶᠤᠮ᠃