ᠭᠠᠩᠭ᠎ᠠ ᠨᠠᠭᠤᠷ ᠦᠨ ᠤᠰᠤᠨ ᠤ ᠲᠦᠪᠰᠢᠨ 18 ᠵᠢᠯ ᠦᠨ ᠡᠮᠦᠨᠡᠬᠢ ᠬᠡᠮᠵᠢᠶᠡᠨ ᠳᠦ ᠬᠦᠷᠴᠡᠢ | News.MN

ᠭᠠᠩᠭ᠎ᠠ ᠨᠠᠭᠤᠷ ᠦᠨ ᠤᠰᠤᠨ ᠤ ᠲᠦᠪᠰᠢᠨ 18 ᠵᠢᠯ ᠦᠨ ᠡᠮᠦᠨᠡᠬᠢ ᠬᠡᠮᠵᠢᠶᠡᠨ ᠳᠦ ᠬᠦᠷᠴᠡᠢ

ᠭᠠᠩᠭ᠎ᠠ ᠨᠠᠭᠤᠷ ᠰᠢᠷᠭᠢᠭᠰᠡᠨ ᠨᠢ ᠡᠬᠢ ᠴᠢᠳᠬᠤᠯᠠᠩ ᠪᠤᠯᠠᠭ ᠤᠳ ᠰᠢᠷᠭᠢᠭᠰᠡᠨ᠂ ᠡᠯᠡᠰᠦ᠂ ᠰᠢᠷᠤᠢ ᠶᠢᠨ ᠰᠢᠭᠤᠷᠭᠠᠨ ᠠᠴᠠ ᠡᠭᠦᠳᠦᠯᠲᠡᠢ  ᠪᠤᠬᠢᠷᠳᠤᠯ᠂ ᠨᠠᠭᠤᠷ ᠣᠷᠴᠢᠮ ᠤᠨ 20 ᠮᠢᠩᠭ᠎ᠠ ᠭᠠᠷᠤᠢ ᠮᠠᠯ ᠠᠴᠠ ᠡᠭᠦᠳᠦᠯᠲᠡᠢ ᠪᠤᠬᠢᠷᠳᠤᠯ ᠵᠡᠷᠭᠡ ᠣᠯᠠᠨ ᠰᠢᠯᠲᠠᠭᠠᠨ ᠠᠴᠠ ᠪᠣᠯᠵᠠᠢ᠃ ᠡᠶᠢᠮᠦ ᠡᠴᠡ 2017 ᠣᠨ ᠳᠤ 《ᠭᠠᠩᠭ᠎ᠠ ᠨᠠᠭᠤᠷ ᠢ ᠪᠤᠬᠢᠷᠳᠤᠯ ᠰᠢᠷᠭᠢᠯᠲᠡ ᠡᠴᠡ ᠬᠠᠮᠠᠭᠠᠯᠠᠬᠤ ᠤᠷᠤᠰᠴᠠ ᠶᠢ ᠰᠠᠶᠢᠵᠢᠷᠠᠭᠤᠯᠬᠤ》 ᠲᠥᠰᠥᠯ ᠢ ᠡᠬᠢᠯᠡᠭᠦᠯᠦᠭᠰᠡᠨ᠃

ᠢᠩᠭᠢᠭᠡᠳ ᠮᠣᠯᠴᠣᠭ ᠡᠯᠡᠰᠦᠨ ᠦ ᠤᠷᠭᠤᠮᠠᠯ ᠢ ᠬᠠᠮᠠᠭᠠᠯᠠᠬᠤ᠂ ᠨᠠᠭᠤᠷ ᠢ ᠮᠠᠯ ᠤᠨ ᠬᠥᠯ ᠡᠴᠡ ᠴᠢᠯᠦᠭᠡᠯᠡᠬᠦ ᠵᠣᠷᠢᠯᠭ᠎ᠠ ᠪᠠᠷ ᠭᠠᠩᠭ᠎ᠠ ᠨᠠᠭᠤᠷ ᠣᠷᠴᠢᠮ ᠤᠨ 45 ᠡᠷᠦᠬᠡ ᠶᠢᠨ ᠳᠤᠮᠳᠠ ᠪᠡᠯᠴᠢᠭᠡᠷ ᠦᠨ ᠵᠣᠷᠢᠭᠤᠯᠤᠯᠲᠠ ᠲᠠᠢ 10 ᠬᠤᠳᠳᠤᠭ  ᠭᠠᠷᠭᠠᠵᠤ᠂ ᠮᠠᠯᠴᠢᠳ ᠲᠤ ᠬᠦᠯᠢᠶᠡᠯᠭᠡᠵᠦ ᠥᠭᠭᠦᠭᠰᠡᠨ ᠪᠥᠭᠡᠳ ᠨᠠᠭᠤᠷ ᠤᠨ ᠰᠠᠯᠬᠢᠨ ᠳᠡᠭᠡᠳᠦ ᠲᠠᠯ᠎ᠠ ᠳᠤ 10 ᠭᠠ ᠳᠦ 8000 ᠭᠠᠷᠤᠢ ᠮᠣᠳᠣ ᠲᠠᠷᠢᠵᠤ᠂ ᠬᠠᠮᠠᠭᠠᠯᠠᠯᠲᠠ ᠶᠢᠨ ᠣᠢ ᠶᠢᠨ ᠵᠤᠷᠪᠤᠰ ᠪᠠᠶᠢᠭᠤᠯᠬᠤ ᠠᠵᠢᠯ ᠢ ᠡᠬᠢᠯᠡᠭᠦᠯᠵᠡᠢ᠃ ᠮᠥᠨ ᠨᠠᠭᠤᠷ ᠢ ᠬᠠᠮᠠᠭᠠᠯᠠᠬᠤ ᠪᠠᠷ 16 ᠺᠢᠯᠣᠮᠧᠲ᠋ᠷ ᠬᠠᠰᠢᠶ᠎ᠠ ᠲᠠᠲᠠᠭᠰᠠᠨ ᠪᠠᠶᠢᠨ᠎ᠠ᠃
ᠡᠭᠦᠨ ᠦ ᠦᠷ᠎ᠡ ᠳ᠋ᠦᠩ ᠳᠦ ᠨᠠᠭᠤᠷ ᠤᠨ ᠡᠺᠣ ᠰᠢᠰᠲ᠋ᠧᠮ ᠰᠡᠷᠭᠦᠵᠦ 2005 ᠣᠨ ᠤ ᠤᠰᠤᠨ ᠤ ᠲᠦᠪᠰᠢᠨ ᠦ ᠬᠡᠮᠵᠢᠶᠡᠨ ᠳᠦ  ᠬᠦᠷᠴᠦ 2022 ᠣᠨ ᠤ ᠨᠠᠮᠤᠷ ᠭᠠᠩᠭ᠎ᠠ ᠨᠠᠭᠤᠷ ᠲᠤ 7000 ᠭᠠᠷᠤᠢ ᠬᠤᠨ ᠰᠢᠪᠠᠭᠤ ᠴᠢᠭᠤᠯᠵᠠᠢ᠃

ᠰᠡᠳᠬᠢᠭᠳᠡᠯ ᠦᠯᠡᠳᠡᠭᠡᠬᠦ