《ᠢᠯᠠᠯᠲᠠ ᠳᠤ ᠲᠡᠮᠡᠦᠯᠦᠭᠰᠡᠨ ᠮᠣᠷᠢᠳ》ᠬᠦᠰᠢᠶᠡᠨ ᠳᠦ ᠴᠡᠴᠡᠭ ᠡᠷᠭᠦᠯ᠎ᠡ | News.MN

《ᠢᠯᠠᠯᠲᠠ ᠳᠤ ᠲᠡᠮᠡᠦᠯᠦᠭᠰᠡᠨ ᠮᠣᠷᠢᠳ》ᠬᠦᠰᠢᠶᠡᠨ ᠳᠦ ᠴᠡᠴᠡᠭ ᠡᠷᠭᠦᠯ᠎ᠡ

ᠣᠷᠣᠰ ᠤᠨ ᠬᠣᠯᠪᠣᠭᠠᠨ ᠤ ᠤᠯᠤᠰ ᠲᠤ ᠠᠯᠪᠠᠨ ᠶᠣᠰᠣᠨ ᠤ ᠠᠶᠢᠯᠴᠢᠯᠠᠯ ᠬᠢᠵᠦ ᠪᠠᠶᠢᠭ᠎ᠠ ᠮᠣᠩᠭᠣᠯ ᠤᠯᠤᠰ ᠤᠨ ᠶᠡᠬᠡ ᠬᠤᠷᠠᠯ ᠤᠨ ᠳᠠᠷᠤᠭ᠎ᠠ ᠭ∙ᠽᠠᠨᠳᠠᠨᠰᠢᠲᠠᠷ᠎ᠠ ᠲᠡᠷᠢᠭᠦᠲᠡᠢ ᠲᠥᠯᠥᠭᠡᠯᠡᠭᠴᠢᠳ 06 ᠰᠠᠷ᠎ᠠ ᠶᠢᠨ 21 ᠳᠦ ᠮᠣᠰᠺᠸᠠ ᠬᠣᠲᠠ ᠶᠢᠨ ᠬᠦᠨᠳᠦᠳᠬᠡᠯ ᠦᠨ ᠳᠡᠨᠵᠢ ᠳ᠋ᠡᠬᠢ ᠴᠡᠴᠡᠷᠯᠢᠭᠲᠦ ᠬᠦᠷᠢᠶᠡᠯᠡᠩ ᠳᠦ ᠪᠠᠶᠢᠷᠢᠯᠠᠭᠤᠯᠤᠭᠰᠠᠨ《ᠢᠯᠠᠯᠲᠠ ᠳᠤ ᠲᠡᠮᠡᠦᠯᠦᠭᠰᠡᠨ ᠮᠣᠷᠢᠳ》 ᠬᠦᠰᠢᠶᠡᠨ ᠳᠦ ᠴᠡᠴᠡᠭ ᠡᠷᠭᠦᠵᠡᠢ᠃
ᠶᠡᠬᠡ ᠪᠤᠤ ᠴᠢᠷᠤᠨ ᠪᠠᠷᠲᠠᠭ᠎ᠠ ᠶᠡᠬᠡ ᠲᠡᠢ ᠵᠠᠮ ᠢ ᠲᠤᠭᠤᠯᠵᠤ ᠶᠠᠪᠤᠭ᠎ᠠ ᠮᠣᠩᠭᠣᠯ ᠮᠣᠷᠢᠳ ᠢ ᠳᠦᠷᠰᠦᠯᠡᠭᠰᠡᠨ ᠤᠭ ᠬᠥᠰᠢᠶ᠎ᠡ ᠨᠢ ᠡᠬᠡ ᠣᠷᠣᠨ ᠤ ᠳᠠᠶᠢᠨ ᠤ ᠬᠦᠨᠳᠦ ᠵᠢᠯ ᠦᠳ ᠲᠦ ᠮᠣᠩᠭᠣᠯ ᠤᠨ ᠠᠷᠠᠳ ᠲᠦᠮᠡᠨ ᠦ ᠢᠯᠡᠭᠡᠭᠰᠡᠨ ᠬᠦᠨᠡᠰᠦ᠂ ᠳᠤᠯᠠᠭᠠᠨ ᠬᠤᠪᠴᠠᠰᠤ᠂ ᠬᠠᠭᠠᠰ ᠰᠠᠶ᠎ᠠ ᠠᠭᠲᠠ ᠮᠣᠷᠢᠳ᠂ ᠬᠤᠪᠢᠰᠬᠠᠯᠲᠤ ᠮᠣᠩᠭᠣᠯ ᠲᠠᠩᠺ ᠤᠨ ᠴᠤᠪᠤᠭ᠎ᠠ᠂ ᠮᠣᠩᠭᠣᠯ ᠠᠷᠠᠳ ᠨᠢᠰᠬᠦ ᠣᠩᠭᠣᠴᠠᠨ ᠤ ᠡᠰᠺᠠᠳ᠋ᠷᠢᠯ ᠵᠡᠷᠭᠡ ᠵᠦᠪᠯᠡᠯᠲᠦ ᠳᠦ  ᠲᠤᠰᠠᠯᠠᠭᠰᠠᠨ ᠬᠠᠷᠢᠯᠴᠠᠭᠠᠨ ᠤ ᠲᠡᠦᠬᠡ ᠶᠢ ᠪᠡᠯᠭᠡᠳᠡᠭᠰᠡᠨ ᠬᠦᠨᠳᠦᠳᠬᠡᠯ ᠦᠨ ᠳᠤᠷᠠᠰᠬᠠᠯ ᠶᠤᠮ᠃

ᠰᠡᠳᠬᠢᠭᠳᠡᠯ ᠦᠯᠡᠳᠡᠭᠡᠬᠦ