ᠴᠠᠭᠠᠰᠤ ᠦᠢᠯᠡᠳᠪᠦᠷᠢᠯᠡᠵᠦ ᠪᠠᠶᠢᠭᠰᠠᠨ ᠤ ᠦᠯᠡᠳᠡᠴᠡ ᠣᠷᠬᠣᠨ ᠰᠤᠮᠤ ᠠᠴᠠ ᠣᠯᠳᠠᠵᠠᠢ | News.MN

ᠴᠠᠭᠠᠰᠤ ᠦᠢᠯᠡᠳᠪᠦᠷᠢᠯᠡᠵᠦ ᠪᠠᠶᠢᠭᠰᠠᠨ ᠤ ᠦᠯᠡᠳᠡᠴᠡ ᠣᠷᠬᠣᠨ ᠰᠤᠮᠤ ᠠᠴᠠ ᠣᠯᠳᠠᠵᠠᠢ

ᠰᠡᠯᠡᠩᠭᠡ ᠠᠶᠢᠮᠠᠭ ᠤᠨ ᠣᠷᠬᠣᠨ ᠰᠤᠮᠤ ᠶᠢᠨ ᠨᠤᠲᠤᠭ ᠳᠡᠪᠢᠰᠬᠡᠷ ᠴᠠᠨᠠᠲᠤ ᠶᠢᠨ ᠳᠡᠷᠡᠰᠦ ᠬᠡᠮᠡᠬᠦ ᠭᠠᠵᠠᠷ ᠠᠴᠠ ᠮᠣᠩᠭᠣᠯ ᠤᠨ ᠡᠵᠡᠨᠲᠦ ᠭᠦᠷᠦᠨ ᠦ ᠦᠶ᠎ᠡ ᠳᠦ ᠴᠠᠭᠠᠰᠤ ᠦᠢᠯᠡᠳᠪᠦᠷᠢᠯᠡᠵᠦ ᠪᠠᠶᠢᠭᠰᠠᠨ ᠤᠯᠠ ᠮᠥᠷ ᠪᠦᠬᠦᠢ ᠣᠯᠳᠠᠪᠤᠷᠢ ᠣᠯᠳᠠᠵᠠᠢ᠃ ᠡᠮᠦᠨ᠎ᠡ ᠨᠢ ᠲᠡᠨᠳᠡ ᠡᠷᠲᠡᠨ ᠦ ᠬᠣᠲᠠ ᠶᠢᠨ ᠲᠤᠭᠤᠷᠢ ᠪᠠᠶᠢᠭᠰᠠᠨ ᠢ ᠣᠯᠵᠤ ᠲᠣᠭᠲᠠᠭᠠᠭᠰᠠᠨ ᠪᠥᠭᠡᠳ ᠤᠳᠤ ᠰᠢᠨᠡᠴᠢᠯᠡᠭᠰᠡᠨ ᠰᠤᠳᠤᠯᠭ᠎ᠠ ᠬᠢᠵᠦ ᠴᠠᠭᠠᠰᠤ ᠦᠢᠯᠡᠳᠪᠦᠷᠢᠯᠡᠵᠦ ᠪᠠᠶᠢᠭᠰᠠᠨ ᠴᠢᠯᠠᠭᠤᠨ ᠪᠠᠶᠢᠭᠤᠯᠤᠮᠵᠢ ᠪᠣᠯᠤᠨ ᠲᠠᠷᠢᠶᠠᠨ ᠤ ᠲᠡᠭᠡᠷᠮ᠎ᠡ᠂ ᠮᠥᠨ ᠪᠤᠰᠤᠳ ᠳᠤᠷᠠᠰᠬᠠᠯ ᠢ ᠰᠢᠨ᠎ᠡ ᠪᠡᠷ ᠢᠯᠡᠷᠡᠭᠦᠯᠦᠨ ᠲᠣᠳᠣᠷᠬᠠᠶᠢᠯᠠᠵᠠᠢ᠃
ᠴᠠᠨᠠᠲᠤ ᠶᠢᠨ ᠳᠡᠷᠡᠰᠦᠨ ᠦ ᠪᠠᠯᠭᠠᠰᠤ ᠨᠢ ᠮᠣᠩᠭᠣᠯ ᠤᠨ ᠡᠵᠡᠨᠲᠦ ᠭᠦᠷᠦᠨ ᠠᠷᠪᠠᠨ ᠭᠤᠷᠪᠠ᠂ ᠳᠦᠷᠪᠡᠳᠦᠭᠡᠷ ᠵᠠᠭᠤᠨ ᠤ ᠡᠬᠢᠨ ᠬᠠᠭᠠᠰ ᠤᠨ ᠦᠶ᠎ᠡ ᠳᠦ ᠬᠠᠮᠢᠶᠠᠷᠬᠤ ᠪᠥᠭᠡᠳ ᠲᠡᠨᠳᠡ ᠳᠡᠷᠡᠰᠦ ᠶᠢ ᠴᠢᠯᠠᠭᠤᠨ ᠲᠡᠭᠡᠷᠮ᠎ᠡ ᠪᠡᠷ ᠪᠢᠴᠠᠯᠤᠨ ᠨᠤᠨᠲᠠᠭᠯᠠᠵᠤ᠂ ᠴᠠᠭᠠᠰᠤ ᠬᠢᠵᠦ ᠪᠠᠶᠢᠭᠰᠠᠨ ᠨᠢ ᠨᠡᠩ ᠰᠣᠨᠢᠷᠬᠠᠯ ᠲᠠᠲᠠᠵᠤ ᠪᠠᠶᠢᠭ᠎ᠠ ᠶᠤᠮ᠃ ᠡᠨᠡ ᠬᠦ ᠴᠠᠭᠠᠰᠤᠨ ᠤ ᠦᠢᠯᠡᠳᠪᠦᠷᠢ ᠶᠢᠨ ᠦᠯᠡᠳᠡᠴᠡ ᠨᠢ ᠮᠣᠩᠭᠣᠯ ᠨᠤᠲᠤᠭ ᠠᠴᠠ ᠠᠩᠬ᠎ᠠ ᠤᠳᠠᠭ᠎ᠠ ᠣᠯᠳᠠᠵᠤ ᠪᠠᠶᠢᠭ᠎ᠠ ᠪᠠᠷ ᠢᠶᠠᠨ ᠣᠨᠴᠠᠯᠢᠭ ᠶᠤᠮ᠃

ᠰᠡᠳᠬᠢᠭᠳᠡᠯ ᠦᠯᠡᠳᠡᠭᠡᠬᠦ