ᠡᠮᠦᠨᠡᠭᠤᠪᠢ ᠠᠢᠮᠠᠭ ᠤᠨ ᠨᠡᠶᠢᠲᠡ ᠨᠤᠲᠤᠭ ᠢᠶᠠᠷ +40 ᠬᠡᠮ ᠬᠦᠷᠴᠦ ᠬᠠᠯᠠᠨ᠎ᠠ | News.MN

ᠡᠮᠦᠨᠡᠭᠤᠪᠢ ᠠᠢᠮᠠᠭ ᠤᠨ ᠨᠡᠶᠢᠲᠡ ᠨᠤᠲᠤᠭ ᠢᠶᠠᠷ +40 ᠬᠡᠮ ᠬᠦᠷᠴᠦ ᠬᠠᠯᠠᠨ᠎ᠠ

ᠡᠮᠦᠨᠡᠭᠣᠪᠢ ᠠᠶᠢᠮᠠᠭ ᠤᠨ ᠨᠡᠶᠢᠲᠡ ᠨᠤᠲᠤᠭ ᠢᠶᠠᠷ ᠬᠡᠲᠦ ᠬᠠᠯᠠᠬᠤ ᠶᠢ ᠠᠶᠢᠮᠠᠭ ᠤᠨ ᠤᠰᠤ ᠴᠠᠭ ᠠᠭᠤᠷ ᠤᠷᠴᠢᠨ ᠤ ᠰᠢᠨᠵᠢᠯᠡᠭᠡᠨ ᠦ ᠭᠠᠵᠠᠷ  ᠡᠴᠡ ᠮᠡᠳᠡᠭᠡᠯᠡᠯ᠎ᠡ᠃ ᠡᠨᠡ ᠰᠠᠷ᠎ᠠ ᠶᠢᠨ 22  ᠳᠦ +39+40 ᠬᠡᠮ ᠬᠦᠷᠴᠦ ᠬᠠᠯᠠᠨ᠎ᠠ᠃ ᠲᠡᠶᠢᠮᠦ ᠡᠴᠡ ᠢᠷᠭᠡᠳ ᠢ ᠥᠪᠡᠷ ᠦᠨ ᠪᠣᠯᠤᠨ ᠣᠶᠢᠷ᠎ᠠ ᠳᠤᠲᠤᠨᠤ ᠶᠢᠨ ᠬᠦᠮᠦᠰ ᠦᠨ ᠢᠶᠡᠨ ᠡᠷᠡᠭᠦᠯ ᠮᠡᠨᠳᠦ ᠳᠦ ᠠᠩᠬᠠᠷᠬᠤ ᠶᠢ ᠰᠠᠨᠠᠭᠤᠯᠵᠤ᠂ ᠳᠠᠷᠤᠯᠲᠠ ᠶᠡᠬᠡ ᠲᠡᠢ᠂ ᠥᠨᠳᠥᠷ ᠨᠠᠰᠤᠲᠠᠨ᠂ ᠪᠠᠭ᠎ᠠ ᠨᠠᠰᠤᠨ ᠤ ᠬᠡᠦᠬᠡᠳ᠂ ᠵᠢᠷᠦᠬᠡ ᠰᠤᠳᠠᠰᠤᠨ ᠤ ᠪᠣᠯᠤᠨ ᠰᠢᠬᠢᠷ ᠦᠨ ᠰᠢᠵᠢᠩ ᠡᠪᠡᠳᠴᠢᠲᠡᠢ ᠢᠷᠭᠡᠳ ᠬᠡᠲᠦ ᠬᠠᠯᠠᠯᠲᠠ ᠶᠢᠨ ᠦᠶ᠎ᠡ ᠳᠦ ᠠᠯᠢ ᠪᠣᠯᠬᠤ ᠭᠠᠳᠠᠭᠤᠷ ᠭᠠᠷᠬᠤ ᠦᠭᠡᠢ ᠪᠠᠶᠢᠵᠤ ᠨᠠᠷᠠᠰᠢᠬᠤ ᠠᠴᠠ ᠰᠡᠷᠭᠡᠶᠢᠯᠡᠬᠦ ᠶᠢ ᠵᠥᠪᠯᠡᠯ᠎ᠡ᠃
ᠮᠥᠨ ᠬᠡᠲᠦ ᠬᠠᠯᠠᠭᠤᠨ ᠠᠴᠠ ᠡᠭᠦᠳᠦᠯ ᠲᠡᠢ ᠪᠡᠷ ᠨᠡᠶᠢᠲᠡ ᠶᠢᠨ ᠲᠡᠭᠡᠭᠡᠪᠦᠷᠢ ᠶᠢᠨ ᠴᠠᠬᠢᠯᠭᠠᠨ ᠠᠦ᠋ᠲ᠋ᠣᠪᠦ᠋ᠰ  ᠤᠳ ᠤᠨ ᠴᠠᠬᠢᠯᠭᠠᠨ ᠵᠠᠢ ᠳᠤ ᠳᠣᠭᠣᠯᠳᠠᠯ ᠡᠭᠦᠰᠬᠦ ᠮᠠᠭᠠᠳᠯᠠᠯ ᠲᠠᠢ ᠲᠤᠯᠠ 6 ᠳ᠋ᠤᠭᠠᠷ ᠰᠠᠷ᠎ᠠ ᠶᠢᠨ 21᠂ 22᠂ 23  ᠳᠤ ᠱᠤᠭᠤᠮ ᠤᠨ ᠠᠦ᠋ᠲ᠋ᠣᠪᠦ᠋ᠰ ᠬᠣᠭᠣᠷᠣᠨᠳᠣ ᠪᠠᠨ ᠨᠢᠭᠡ ᠴᠠᠭ ᠤᠨ ᠵᠠᠶᠢᠲᠠᠢ ᠪᠠᠷ ᠢᠷᠭᠡᠳ ᠲᠦ ᠦᠢᠯᠡᠴᠢᠯᠡᠬᠦ ᠲᠤᠯᠠ ᠠᠵᠢᠯ ᠤᠨ ᠴᠠᠭ ᠢᠶᠠᠨ ᠵᠣᠬᠢᠴᠠᠭᠤᠯᠵᠤ ᠦᠢᠯᠡᠴᠢᠯᠡᠭᠦᠯᠬᠦ ᠶᠢ ᠠᠩᠬᠠᠷᠤᠭᠤᠯᠤᠯ᠎ᠠ᠃

ᠰᠡᠳᠬᠢᠭᠳᠡᠯ ᠦᠯᠡᠳᠡᠭᠡᠬᠦ