ᠳᠡᠯᠡᠬᠡᠢ ᠶᠢᠨ ᠤᠯᠠᠨ ᠭᠠᠵᠠᠷ ᠤᠨ ᠲᠠᠮᠢᠷᠴᠢᠳ ᠭᠣᠪᠢ ᠶᠢᠨ ᠮᠠᠷᠠᠹᠣᠨ ᠳᠤ ᠪᠡᠯᠡᠳᠬᠡᠵᠦ ᠪᠠᠶᠢᠨ᠎ᠠ | News.MN

ᠳᠡᠯᠡᠬᠡᠢ ᠶᠢᠨ ᠤᠯᠠᠨ ᠭᠠᠵᠠᠷ ᠤᠨ ᠲᠠᠮᠢᠷᠴᠢᠳ ᠭᠣᠪᠢ ᠶᠢᠨ ᠮᠠᠷᠠᠹᠣᠨ ᠳᠤ ᠪᠡᠯᠡᠳᠬᠡᠵᠦ ᠪᠠᠶᠢᠨ᠎ᠠ

ᠳᠡᠯᠡᠬᠡᠢ ᠳᠦ ᠠᠯᠳᠠᠷᠲᠠᠢ︽ᠳᠥᠷᠪᠡᠨ ᠴᠥᠯ︾ᠣᠯᠠᠨ ᠤᠯᠤᠰ ᠤᠨ ᠤᠯᠢᠲᠷᠠ ᠮᠠᠷᠠᠹᠣᠨ ᠮᠣᠩᠭᠣᠯ ᠤᠯᠤᠰ ᠲᠤ ᠭᠤᠷᠪᠠᠳᠠᠬᠢ ᠤᠳᠠᠭ᠎ᠠ ᠡᠨᠡ ᠰᠠᠷ᠎ᠠ ᠶᠢᠨ 18  ᠳᠦ ᠪᠣᠯᠤᠨ᠎ᠠ᠃ Time ᠰᠡᠳᠬᠦᠯ ᠡᠴᠡ ᠲᠤᠰ ᠮᠠᠷᠠᠹᠣᠨ ᠢ ᠬᠦᠮᠦᠨ ᠦ ᠲᠡᠰᠪᠦᠷᠢ ᠲᠡᠪᠴᠢᠶᠡᠷᠢ ᠶᠢᠨ ᠬᠢᠵᠠᠭᠠᠷ ᠢ ᠬᠠᠮᠤᠭ ᠤᠨ ᠶᠡᠬᠡ ᠰᠢᠯᠭᠠᠳᠠᠭ ᠤᠷᠤᠯᠳᠤᠭᠠᠨ ᠭᠡᠵᠡᠢ᠃ ᠡᠨᠡ ᠵᠢᠯ  40 ᠭᠠᠷᠤᠢ ᠣᠷᠣᠨ ᠤ 110 ᠭᠠᠷᠤᠢ ᠲᠠᠮᠢᠷᠴᠢᠨ ᠣᠷᠣᠯᠴᠠᠬᠤ ᠪᠠᠷ ᠪᠦᠷᠢᠳᠬᠡᠭᠦᠯᠦᠭᠰᠡᠨ ᠪᠠᠶᠢᠨ᠎ᠠ᠃

ᠳᠣᠯᠣᠭ᠎ᠠ ᠬᠣᠨᠣᠭ ᠲᠤ 250 ᠺᠢᠯᠣᠮᠧᠲ᠋ᠷ ᠲᠤᠭᠤᠯᠳᠠᠭ ᠬᠡᠲᠦ ᠬᠣᠯᠠ ᠶᠢᠨ 18 ᠳ᠋ᠠᠬᠢ ᠤᠳᠠᠭ᠎ᠠ ᠶᠢᠨ ᠮᠠᠷᠠᠹᠣᠨ ᠳᠤ ᠣᠷᠣᠯᠴᠠᠭᠴᠢᠳ ᠪᠤᠯᠠᠭᠠᠨ ᠠᠶᠢᠮᠠᠭ ᠤᠨ ᠳᠠᠰᠢᠨᠴᠢᠯᠡᠨ ᠰᠤᠮᠤᠨ ᠳᠤ ᠪᠠᠶᠢᠷᠢᠯᠠᠬᠤ ᠬᠠᠷ᠎ᠠ ᠪᠤᠬ᠎ᠠ ᠶᠢᠨ ᠪᠠᠯᠭᠠᠰᠤᠨ ᠠᠴᠠ ᠭᠠᠷᠤᠭ᠎ᠠ ᠪᠠᠨ ᠡᠬᠢᠯᠡᠭᠦᠯᠵᠦ᠂ ᠥᠪᠦᠷᠬᠠᠩᠭᠠᠢ ᠠᠶᠢᠮᠠᠭ ᠤᠨ ᠬᠠᠷᠠᠬᠣᠷᠢᠨ ᠰᠤᠮᠤᠨ ᠳᠤ ᠪᠠᠷᠢᠶᠠᠨ ᠳᠤ ᠪᠠᠨ ᠣᠷᠣᠨ᠎ᠠ᠃ ᠲᠠᠮᠢᠷᠴᠢᠳ ᠵᠥᠪᠬᠡᠨ ᠡᠭᠦᠷᠭᠡᠪᠴᠢ ᠲᠡᠢ ᠪᠡᠨ ᠭᠦᠶᠦᠳᠡᠭ᠃ ᠡᠳᠦᠷ ᠲᠦ 2.5 ᠯᠢᠲᠷ ᠤᠰᠤ ᠤᠤᠭᠤᠬᠤ ᠨᠣᠷᠮ᠎ᠠ ᠲᠠᠢ᠂ ᠤᠨᠲᠠᠵᠤ ᠠᠮᠠᠷᠠᠬᠤ  ᠭᠤᠲᠤᠰᠤ ᠪᠠᠨ ᠡᠭᠦᠷᠭᠡᠪᠴᠢᠨ ᠳᠦ ᠪᠡᠨ ᠠᠪᠴᠤ  ᠶᠠᠪᠤᠳᠠᠭ ᠶᠤᠮ᠃

ᠰᠡᠳᠬᠢᠭᠳᠡᠯ ᠦᠯᠡᠳᠡᠭᠡᠬᠦ