ᠡ᠊∙ᠤᠷᠠᠨᠵᠢᠷᠭᠠᠯ《ᠰᠢᠯᠢᠳᠡᠭ ᠡᠮᠡᠭᠲᠡᠢ ᠵᠦᠴᠦᠭᠡᠴᠢᠨ》ᠱᠠᠩᠨᠠᠯ ᠬᠦᠷᠲᠡᠵᠡᠢ | News.MN

ᠡ᠊∙ᠤᠷᠠᠨᠵᠢᠷᠭᠠᠯ《ᠰᠢᠯᠢᠳᠡᠭ ᠡᠮᠡᠭᠲᠡᠢ ᠵᠦᠴᠦᠭᠡᠴᠢᠨ》ᠱᠠᠩᠨᠠᠯ ᠬᠦᠷᠲᠡᠵᠡᠢ

ᠳᠤᠮᠳᠠᠭᠤᠪᠢ ᠠᠶᠢᠮᠠᠭ ᠤᠨ ᠲᠥᠪ ᠬᠠᠯᠬ᠎ᠠ ᠶᠢᠨ ᠳᠠᠭᠤᠯᠠᠯᠲᠤ ᠵᠦᠴᠦᠭᠡ ᠶᠢᠨ ᠲᠢᠶᠠᠲ᠋ᠷ ᠤᠨ ᠤᠷᠠᠨ ᠪᠦᠲᠦᠭᠡᠯᠴᠢᠳ ᠮᠣᠩᠭᠣᠯ ᠤᠯᠤᠰ ᠢᠶᠠᠨ ᠲᠥᠯᠥᠭᠡᠯᠡᠨ ᠣᠷᠣᠰ  ᠤᠨ ᠡᠷᠬᠦᠦ ᠬᠣᠲᠠ ᠶᠢᠨ ᠵᠠᠯᠠᠭᠤᠴᠤᠳ ᠤᠨ ᠲᠢᠶᠠᠲ᠋ᠷ ᠠᠴᠠ ᠵᠣᠬᠢᠶᠠᠨ ᠪᠠᠶᠢᠭᠤᠯᠤᠭᠰᠠᠨ 《 ᠪᠠᠢᠭᠠᠯ ᠨᠠᠭᠤᠷ ᠤᠨ ᠰᠠᠬᠢᠭᠤᠰᠤ》 ᠣᠯᠠᠨ ᠤᠯᠤᠰ ᠤᠨ ᠬᠡᠦᠬᠡᠳ ᠦᠨ ᠵᠦᠴᠦᠭᠡ ᠶᠢᠨ ᠹᠧᠰᠲ᠋ᠢᠸᠠᠯ  ᠳᠤ《ᠰᠣᠯᠣᠭᠠᠢ ᠬᠠᠷᠠᠨᠳᠠ》ᠬᠡᠦᠬᠡᠳ ᠦᠨ ᠳᠠᠭᠤᠯᠠᠯᠲᠤ ᠵᠦᠴᠦᠭᠡ ᠪᠡᠷ  ᠤᠷᠤᠯᠴᠠᠭᠠᠳ  ᠵᠦᠴᠦᠭᠡᠴᠢᠨ ᠡ᠊∙ᠤᠷᠠᠨᠵᠢᠷᠭᠠᠯ ᠣᠯᠠᠨ ᠤᠯᠤᠰ ᠤᠨ ᠬᠡᠦᠬᠡᠳ ᠦᠨ ᠵᠦᠴᠦᠭᠡ ᠶᠢᠨ ᠹᠧᠰᠲ᠋ᠢᠸᠠᠯ ᠠᠴᠠ《ᠰᠢᠯᠢᠳᠡᠭ ᠡᠮᠡᠭᠲᠡᠢ ᠵᠦᠴᠦᠭᠡᠴᠢᠨ》ᠱᠠᠩᠨᠠᠯ ᠬᠦᠷᠲᠡᠭᠰᠡᠨ ᠪᠠᠶᠢᠨ᠎ᠠ᠃
ᠡ᠊∙ᠤᠷᠠᠨᠵᠢᠷᠭᠠᠯ ᠳᠠᠮᠪᠠ ᠶᠢᠨ ᠲᠥᠷᠦᠪᠠᠲᠤ ᠶᠢᠨ ᠵᠣᠬᠢᠶᠠᠯ 《ᠴᠠᠭᠠᠨ ᠭᠠᠷᠤᠳᠢ ᠶᠢᠨ ᠴᠠᠳᠢᠭ》 ᠵᠦᠴᠦᠭᠡ ᠶᠢᠨ ᠴᠠᠭᠠᠨᠴᠠ ᠶᠢᠨ  ᠳᠦᠷᠢ᠂ ᠪᠠᠪᠤᠤ ᠶᠢᠨ ᠯᠾᠬᠠᠪᠠᠰᠦ᠋ᠷᠤᠩ ᠦᠨ ᠵᠣᠬᠢᠶᠠᠯ《ᠭᠡᠭᠡᠨ ᠲᠠᠮᠤᠯᠠᠨ》ᠵᠦᠴᠦᠭᠡ ᠶᠢᠨ ᠭᠦᠯᠮᠡᠷ ᠬᠠᠲᠤᠨ ᠤ ᠳᠦᠷᠢ ᠭᠡᠬᠦ ᠮᠡᠲᠦ 15 ᠭᠠᠷᠤᠢ ᠵᠦᠴᠦᠭᠡ ᠶᠢᠨ ᠭᠣᠣᠯ ᠳᠦᠷᠢ ᠳᠦ ᠠᠵᠢᠯᠯᠠᠭᠰᠠᠨ ᠪᠠᠶᠢᠨ᠎ᠠ᠃

ᠰᠡᠳᠬᠢᠭᠳᠡᠯ ᠦᠯᠡᠳᠡᠭᠡᠬᠦ