ᠰᠦᠬᠡᠪᠠᠭᠠᠲᠤᠷ ᠤᠨ ᠲᠠᠯᠠᠪᠠᠢ ᠳᠤ 300 ᠭᠠᠷᠤᠢ ᠤᠷᠲᠤ ᠶᠢᠨ ᠳᠠᠭᠤᠴᠢᠨ ᠨᠠᠷᠠ ᠤᠭᠲᠤᠨ ᠳᠠᠭᠤᠯᠠᠵᠠᠢ | News.MN

ᠰᠦᠬᠡᠪᠠᠭᠠᠲᠤᠷ ᠤᠨ ᠲᠠᠯᠠᠪᠠᠢ ᠳᠤ 300 ᠭᠠᠷᠤᠢ ᠤᠷᠲᠤ ᠶᠢᠨ ᠳᠠᠭᠤᠴᠢᠨ ᠨᠠᠷᠠ ᠤᠭᠲᠤᠨ ᠳᠠᠭᠤᠯᠠᠵᠠᠢ

ᠮᠣᠩᠭᠣᠯ ᠤᠨ ᠤᠷᠲᠤ ᠶᠢᠨ ᠳᠠᠭᠤᠤ ᠶᠢᠨ ᠬᠣᠯᠪᠣᠭᠠᠨ ᠤ 20 ᠵᠢᠯ ᠦᠨ ᠣᠢ᠂ ᠤᠷᠲᠤ ᠶᠢᠨ ᠳᠠᠭᠤᠤ ᠶᠢᠨ 《ᠥᠨᠢ ᠴᠢᠭᠤᠯᠭ᠎ᠠ》 ᠡᠭᠦᠰᠦᠨ ᠪᠠᠢᠭᠤᠯᠤᠭᠳᠠᠭᠰᠠᠨ ᠤ 10 ᠵᠢᠯ ᠦᠨ ᠣᠢ  ᠶᠢ ᠲᠣᠬᠢᠶᠠᠯᠳᠤᠭᠤᠯᠤᠨ ᠨᠡᠶᠢᠰᠯᠡᠯ ᠦᠨ ᠵᠠᠰᠠᠭ ᠳᠠᠷᠤᠭ᠎ᠠ ᠪᠥᠭᠡᠳ ᠤᠯᠠᠭᠠᠨᠪᠠᠭᠠᠲᠤᠷ ᠬᠣᠲᠠ ᠶᠢᠨ ᠵᠠᠬᠢᠷᠤᠭᠴᠢ ᠶᠢᠨ ᠢᠪᠡᠭᠡᠯ ᠳᠣᠣᠷ᠎ᠠ ᠤᠯᠠᠭᠠᠨᠪᠠᠭᠠᠲᠤᠷ ᠬᠤᠲᠠᠨ᠎ᠠ ᠵᠢᠷᠭᠤᠳᠤᠭᠠᠷ ᠰᠠᠷ᠎ᠠ ᠶᠢᠨ 15-20  ᠤ ᠡᠳᠦᠷ ᠦᠳ ᠲᠦ ᠠᠽᠢᠶ᠎ᠠ ᠶᠢᠨ ᠬᠣᠲᠠ ᠨᠤᠭᠤᠳ ᠤᠨ ᠠᠷᠠᠳ ᠤᠨ ᠤᠷᠠᠯᠢᠭ᠂ ᠭᠠᠷ ᠤᠷᠠᠯᠠᠯ ᠤᠨ《Asia Folk 2023》 ᠨᠠᠭᠠᠳᠤᠮ ᠢ ᠵᠣᠬᠢᠶᠠᠵᠤ ᠪᠤᠢ ᠶᠤᠮ᠃

ᠡᠨᠡ ᠬᠦᠷᠢᠶᠡᠨ ᠳᠦ ᠮᠣᠩᠭᠣᠯ ᠤᠨ ᠦᠶ᠎ᠡ ᠦᠶ᠎ᠡ ᠶᠢᠨ ᠤᠷᠲᠤ ᠶᠢᠨ ᠳᠠᠭᠤᠴᠢᠳ ᠤᠨ ᠲᠥᠯᠥᠭᠡᠯᠡᠯ 300 ᠣᠷᠴᠢᠮ ᠤᠷᠠᠨ ᠪᠦᠲᠦᠭᠡᠯᠴᠢ ᠨᠢᠭᠡᠨ ᠳᠣᠣᠷ᠎ᠠ ᠴᠢᠭᠤᠯᠵᠤ᠂ ᠥᠨᠥᠳᠥᠷ ᠥᠷᠯᠥᠭᠡ 05᠄00 ᠴᠠᠭ ᠲᠤ ᠳ ∙ ᠰᠦᠬᠡᠪᠠᠭᠠᠲᠤᠷ ᠤᠨ ᠲᠠᠯᠠᠪᠠᠢ ᠳᠤ ᠤᠷᠭᠤᠬᠤ ᠨᠠᠷᠠ ᠶᠢ ᠤᠭᠲᠤᠨ ᠳᠠᠭᠤᠯᠠᠵᠠᠢ᠃ ᠤᠷᠲᠤ ᠶᠢᠨ ᠳᠠᠭᠤᠴᠢᠳ《ᠤᠶᠠᠬᠠᠨ ᠽᠠᠮᠪᠤᠲ᠋ᠢᠪ ᠦᠨ ᠨᠠᠷᠠᠨ》᠂《ᠣᠯᠣᠮ ᠦᠭᠡᠢ ᠳᠠᠯᠠᠢ》᠂《ᠡᠷᠬᠢᠮ ᠲᠥᠷᠥ》 ᠬᠡᠮᠡᠬᠦ ᠤᠳᠬ᠎ᠠ ᠲᠡᠭᠦᠯᠳᠡᠷ ᠪᠦᠲᠦᠭᠡᠯ ᠦᠳ ᠢ ᠳᠠᠭᠤᠯᠠᠵᠠᠢ᠃

ᠰᠡᠳᠬᠢᠭᠳᠡᠯ ᠦᠯᠡᠳᠡᠭᠡᠬᠦ