ᠮᠥᠩᠭᠥᠨ ᠦ ᠨᠡᠶᠢᠯᠡᠭᠦᠯᠦᠯᠲᠡ︵M2︶2023 ᠣᠨ ᠤ ᠲᠠᠪᠤᠳᠤᠭᠠᠷ ᠰᠠᠷ᠎ᠠ ᠳᠤ 30.5 ᠶᠡᠬᠡ ᠨᠠᠶᠤᠳ ᠲᠥᠭᠥᠷᠢᠭ ᠪᠤᠯᠵᠤ᠂ ᠡᠮᠦᠨᠡᠬᠢ ᠣᠨ ᠤ ᠮᠥᠨ ᠦᠶ᠎ᠡ ᠡᠴᠡ 3︵10.9%︶ᠶᠡᠬᠡ ᠨᠠᠶᠤᠳ ᠲᠥᠭᠥᠷᠢᠭ ᠢᠶᠡᠷ ᠨᠡᠮᠡᠭᠳᠡᠭᠰᠡᠨ ᠦᠵᠡᠭᠦᠯᠦᠯᠲᠡ ᠶᠤᠮ᠃
ᠬᠠᠷᠢᠨ ᠠᠩᠬᠠᠷᠤᠯ ᠬᠠᠨᠳᠤᠭᠤᠯᠬᠤ ᠵᠢᠭᠡᠯᠡ ᠶᠢᠨ ᠦᠷᠢ ᠶᠢᠨ ᠦᠯᠡᠳᠡᠭᠳᠡᠯ 1.4 ᠶᠡᠬᠡ ᠨᠠᠶᠤᠳ ᠲᠥᠭᠥᠷᠢᠭ ᠪᠣᠯᠵᠤ᠂ ᠡᠮᠦᠨᠡᠬᠢ ᠣᠨ ᠤ ᠮᠥᠨ ᠦᠶ᠎ᠡ ᠲᠡᠢ ᠬᠠᠷᠢᠴᠠᠭᠤᠯᠬᠤ ᠳᠤ 27.9 ᠬᠤᠪᠢ ᠪᠠᠷ᠂ ᠴᠢᠨᠠᠷ ᠦᠭᠡᠢ ᠵᠢᠭᠡᠯᠡ ᠶᠢᠨ ᠦᠷᠢ ᠶᠢᠨ ᠦᠯᠡᠳᠡᠭᠳᠡᠯ 2.3 ᠶᠡᠬᠡ ᠨᠠᠶᠤᠳ ᠲᠥᠭᠥᠷᠢᠭ ᠪᠣᠯᠵᠤ᠂ 6.4 ᠬᠤᠪᠢ ᠪᠠᠷ ᠲᠤᠰ ᠲᠤᠰ ᠥᠰᠦᠭᠰᠡᠨ ᠪᠠᠶᠢᠨ᠎ᠠ᠃
ᠬᠠᠷᠢᠨ ᠸᠠᠯᠢᠶᠤᠲ ᠤᠨ ᠬᠠᠩᠰᠢ ᠶᠢᠨ ᠲᠠᠯ᠎ᠠ ᠪᠠᠷ ᠠᠪᠴᠤ ᠦᠵᠡᠪᠡᠯ᠂ ᠲᠥᠭᠥᠷᠢᠭ ᠦᠨ ᠳ᠋ᠣᠯᠯᠠᠷ ᠲᠠᠢ ᠬᠠᠷᠢᠴᠠᠬᠤ ᠰᠠᠷ᠎ᠠ ᠶᠢᠨ ᠳᠤᠮᠳᠠᠴᠢ ᠬᠠᠩᠰᠢ 3461.18 ᠲᠥᠭᠥᠷᠢᠭ᠂ ᠧᠦ᠋ᠷᠣ ᠲᠠᠢ ᠬᠠᠷᠢᠴᠠᠬᠤ ᠰᠠᠷ᠎ᠠ ᠶᠢᠨ ᠳᠤᠮᠳᠠᠴᠢ ᠬᠠᠩᠰᠢ – 3763.37 ᠲᠥᠭᠥᠷᠢᠭ᠂ ᠶᠤᠸᠠᠨ ᠲᠠᠢ ᠬᠠᠷᠢᠴᠠᠬᠤ ᠰᠠᠷ᠎ᠠ ᠶᠢᠨ ᠳᠤᠮᠳᠠᠴᠢ ᠬᠠᠩᠰᠢ 495.40 ᠲᠥᠭᠥᠷᠢᠭ᠂ ᠷᠦᠪᠯᠢ ᠲᠡᠢ ᠬᠠᠷᠢᠴᠠᠬᠤ ᠰᠠᠷ᠎ᠠ ᠶᠢᠨ ᠳᠤᠮᠳᠠᠴᠢ ᠬᠠᠩᠰᠢ 43.74 ᠲᠥᠭᠥᠷᠢᠭ ᠪᠠᠶᠢᠨ᠎ᠠ᠃