《ᠤᠶᠠᠬᠠᠨ ᠽᠠᠮᠪᠤᠲ᠋ᠢᠪ ᠦᠨ ᠨᠠᠷᠠᠨ》ᠤᠷᠠᠯᠢᠭ ᠤᠨ ᠨᠠᠭᠠᠳᠤᠮ ᠨᠠᠢ᠌ᠮᠠᠳᠤᠭᠠᠷ ᠰᠠᠷ᠎ᠠ  ᠳᠦ ᠪᠣᠯᠤᠨ᠎ᠠ | News.MN

《ᠤᠶᠠᠬᠠᠨ ᠽᠠᠮᠪᠤᠲ᠋ᠢᠪ ᠦᠨ ᠨᠠᠷᠠᠨ》ᠤᠷᠠᠯᠢᠭ ᠤᠨ ᠨᠠᠭᠠᠳᠤᠮ ᠨᠠᠢ᠌ᠮᠠᠳᠤᠭᠠᠷ ᠰᠠᠷ᠎ᠠ  ᠳᠦ ᠪᠣᠯᠤᠨ᠎ᠠ

ᠳᠠᠭᠤᠤ ᠬᠤᠭᠤᠷ᠂ ᠥᠪ ᠰᠤᠶᠤᠯ ᠤᠨ ᠥᠯᠥᠭᠡᠢ ᠳᠤᠮᠳᠠᠭᠤᠪᠢ ᠠᠶᠢᠮᠠᠭ ᠤᠨ ᠶᠡᠬᠡ ᠭᠠᠵᠠᠷ ᠤᠨ ᠴᠢᠯᠠᠭᠤᠨ ᠳᠤ ᠪᠣᠯᠳᠠᠭ ᠤᠯᠠᠮᠵᠢᠯᠠᠯᠲᠤ 《ᠤᠶᠠᠬᠠᠨ ᠽᠠᠮᠪᠤᠲ᠋ᠢᠪ  ᠦᠨ ᠨᠠᠷᠠᠨ》ᠤᠷᠠᠯᠢᠭ ᠤᠨ ᠨᠠᠭᠠᠳᠤᠮ ᠨᠠᠢ᠌ᠮᠠᠳᠤᠭᠠᠷ ᠰᠠᠷ᠎ᠠ ᠶᠢᠨ 11-12  ᠳᠦ ᠪᠣᠯᠤᠨ᠎ᠠ᠃ ᠡᠨᠡ ᠨᠠᠭᠠᠳᠤᠮ ᠢ ᠠᠩᠬ᠎ᠠ ᠤᠳᠠᠭ᠎ᠠ 2019 ᠣᠨ ᠳᠤ ᠭᠣᠪᠢ ᠨᠤᠲᠤᠭ ᠤᠨ ᠦᠵᠡᠰᠬᠦᠯᠡᠩ ᠪᠦᠷᠢᠳᠦᠭᠰᠡᠨ ᠶᠡᠬᠡ ᠭᠠᠵᠠᠷ ᠤᠨ ᠴᠢᠯᠠᠭᠤᠨ ᠤ ᠠᠭᠤᠯᠠᠨ᠎ᠠ ᠵᠣᠬᠢᠶᠠᠨ ᠪᠠᠶᠢᠭᠤᠯᠵᠤ᠂ 3000 ᠮᠣᠷᠢᠨ ᠬᠤᠭᠤᠷᠴᠢ᠂ ᠤᠷᠲᠤ ᠶᠢᠨ ᠳᠠᠭᠤᠴᠢ ᠨᠢᠭᠡᠨ ᠳᠣᠣᠷ᠎ᠠ ᠴᠢᠭᠤᠯᠵᠤ ᠪᠠᠢᠪᠠ᠃

ᠡᠨᠡ ᠬᠦ ᠨᠠᠭᠠᠳᠤᠮ ᠳᠤ ᠠᠷᠪᠠᠨ ᠮᠢᠩᠭ᠎ᠠ ᠭᠠᠷᠤᠢ ᠬᠦᠮᠦᠨ ᠣᠷᠣᠯᠴᠠᠵᠤ᠂ ᠭᠣᠪᠢ ᠶᠢᠨ ᠲᠩᠷᠢ ᠳᠣᠣᠷ᠎ᠠ ᠪᠠᠢᠭᠠᠯᠢ ᠶᠢᠨ ᠦᠵᠡᠰᠬᠦᠯᠡᠩ᠂ ᠤᠷᠠᠯᠢᠭ ᠤᠨ ᠭᠠᠶᠢᠬᠠᠮᠰᠢᠭ ᠢ ᠨᠢᠭᠡᠨ ᠵᠡᠷᠭᠡ ᠲᠣᠯᠢᠳᠠᠭᠰᠠᠨ ᠶᠤᠮ᠃ ᠪᠠᠢᠭᠠᠯᠢ ᠶᠢᠨ ᠵᠠᠳᠠᠭᠠᠢ ᠲᠢᠶᠠᠲ᠋ᠷ ᠲᠤ ᠤᠷᠠᠯᠢᠭ ᠤᠨ ᠲᠣᠭᠯᠠᠯᠲᠠ ᠦᠵᠡᠬᠦ ᠨᠢ ᠳᠠᠬᠢᠨ ᠳᠠᠪᠲᠠᠭᠳᠠᠰᠢ ᠦᠭᠡᠢ ᠲᠠᠩᠰᠤᠭ ᠮᠡᠳᠡᠷᠡᠮᠵᠢ ᠪᠢᠯᠡ᠃

ᠰᠡᠳᠬᠢᠭᠳᠡᠯ ᠦᠯᠡᠳᠡᠭᠡᠬᠦ