ᠠᠽᠢᠶ᠎ᠠ ᠶᠢᠨ ᠸᠣᠯᠧᠢᠪᠣᠯ ᠤᠨ ᠬᠣᠯᠪᠣᠭᠠᠨ ᠠᠴᠠ ᠵᠣᠬᠢᠶᠠᠨ ᠪᠠᠶᠢᠭᠤᠯᠳᠠᠭ ᠡᠮᠡᠭᠲᠡᠶᠢᠴᠦᠳ ᠦᠨ︽Challenge Cup︾ᠲᠡᠮᠡᠴᠡᠭᠡᠨ ᠡᠨᠡ ᠰᠠᠷ᠎ᠠ ᠶᠢᠨ 18-25 ᠳᠦ ᠢᠨᠳᠤᠨᠢᠽ ᠲᠤ ᠪᠤᠯᠬᠤ ᠲᠤᠯᠠ ᠮᠣᠩᠭᠣᠯ ᠤᠨ ᠡᠮᠡᠭᠲᠡᠶᠢᠴᠦᠳ ᠦᠨ ᠰᠢᠭᠰᠢᠭᠡ ᠪᠠᠭ ᠣᠷᠣᠯᠴᠠᠬᠤ ᠪᠠᠷ ᠲᠡᠷᠡ ᠤᠯᠤᠰ ᠢ ᠵᠣᠷᠢᠯ᠎ᠠ᠃
ᠰᠢᠭᠰᠢᠭᠡ ᠪᠠᠭ ᠤᠨ ᠲᠠᠮᠢᠷᠴᠢᠳ ᠲᠡᠮᠡᠴᠡᠭᠡᠨ ᠦ D ᠠᠩᠭᠢᠯᠠᠯ ᠳᠤ ᠪᠠᠭᠲᠠᠭᠰᠠᠨ ᠪᠥᠭᠡᠳ ᠵᠢᠷᠭᠤᠳᠤᠭᠠᠷ ᠰᠠᠷ᠎ᠠ ᠶᠢᠨ ᠠᠷᠪᠠᠨ ᠨᠠᠢ᠌ᠮᠠᠨ ᠳᠦ ᠸᠢᠶᠧᠲ᠋ᠨᠠᠮ ᠤᠯᠤᠰ ᠤᠨ ᠲᠠᠮᠢᠷᠴᠢᠳ ᠲᠠᠢ ᠲᠣᠭᠯᠠᠨ᠎ᠠ᠃ ᠬᠠᠷᠢᠨ ᠬᠤᠷᠢᠨ ᠳᠦ ᠦᠽᠪᠧᠺᠰᠲ᠋ᠠᠨ ᠤ ᠰᠢᠭᠰᠢᠭᠡ ᠪᠠᠭ ᠲᠠᠢ ᠲᠣᠭᠯᠠᠬᠤ ᠶᠤᠮ᠃