3 * 3 ᠰᠠᠭᠰᠤᠨ ᠪᠥᠮᠪᠥᠭᠡ ᠶᠢᠨ ᠣᠨ ᠤ ᠲᠠᠪᠤᠳᠠᠬᠢ ᠤᠳᠠᠭ᠎ᠠ ᠶᠢᠨ challenger ᠲᠡᠮᠡᠴᠡᠭᠡᠨ︽Ulaanbaatar 2023︾ᠥᠨᠥᠳᠥᠷ ᠡᠬᠢᠯᠡᠯ᠎ᠡ᠃ ᠲᠡᠮᠡᠴᠡᠭᠡᠨ ᠦ ᠦᠨᠳᠦᠰᠦᠨ ᠬᠡᠰᠡᠭ ᠦᠨ ᠱᠠᠲᠤᠨ ᠳᠤ ᠰᠢᠯᠭᠠᠷᠠᠬᠤ ᠡᠷᠬᠡ ᠶᠢᠨ ᠲᠥᠯᠦᠭᠡᠬᠢ ᠲᠤᠭᠯᠠᠯᠲᠠ ᠳᠤ ᠮᠣᠩᠭᠣᠯ ᠤᠨ ᠭᠤᠷᠪᠠᠨ ᠪᠠᠭ ᠣᠷᠣᠯᠴᠠᠭᠰᠠᠨ ᠠᠴᠠ︽Amgalan︾ᠪᠠᠭ ᠬᠡᠰᠡᠭ ᠦᠨ ᠱᠠᠲᠤᠨ ᠳᠤ ᠰᠢᠯᠭᠠᠷᠠᠪᠠ᠃
ᠲᠡᠳᠡ ᠲᠡᠮᠡᠴᠡᠭᠡᠨ ᠦ D ᠬᠡᠰᠡᠭ ᠲᠦ ︽Ulaanbaatar MMC Energy︾᠂ ︽Sansar MMC Energy︾ ᠪᠠᠭ ᠤᠳ ᠲᠠᠢ ᠲᠣᠭᠯᠠᠨ᠎ᠠ᠃ ᠡᠨᠳᠡ ᠡᠴᠡ ᠰᠢᠯᠢᠳᠡᠭ ᠬᠣᠶᠠᠷ ᠪᠠᠭ ᠨᠠᠢ᠌ᠮᠠᠳᠤᠭᠠᠷ ᠰᠠᠷ᠎ᠠ ᠳᠤ ᠰᠸᠢᠰ ᠲᠦ ᠪᠣᠯᠬᠤ 3* 3 ᠰᠠᠭᠰᠤᠨ ᠪᠥᠮᠪᠥᠭᠡ ᠶᠢᠨ ᠳᠡᠯᠡᠬᠡᠢ ᠶᠢᠨ ᠴᠤᠪᠤᠷᠠᠯ ᠲᠡᠮᠡᠴᠡᠭᠡᠨ ᠦ ᠨᠢᠭᠡ-Lausanne 2023 ᠳᠦ ᠤᠷᠤᠯᠴᠠᠬᠤ ᠡᠷᠬᠡ ᠲᠡᠢ ᠪᠣᠯᠤᠨ᠎ᠠ᠃