ᠦᠷ᠎ᠡ ᠲᠠᠷᠢᠶᠠᠨ ᠤ ᠲᠠᠷᠢᠶᠠᠯᠠᠯᠲᠠ 7.7 ᠮᠢᠩᠭᠠᠨ ᠭᠠ ᠪᠠᠷ ᠪᠠᠭᠤᠷᠠᠵᠠᠢ | News.MN

ᠦᠷ᠎ᠡ ᠲᠠᠷᠢᠶᠠᠨ ᠤ ᠲᠠᠷᠢᠶᠠᠯᠠᠯᠲᠠ 7.7 ᠮᠢᠩᠭᠠᠨ ᠭᠠ ᠪᠠᠷ ᠪᠠᠭᠤᠷᠠᠵᠠᠢ

ᠤᠯᠤᠰ ᠤᠨ ᠬᠡᠮᠵᠢᠶᠡᠨ ᠳᠦ 6 ᠳ᠋ᠤᠭᠠᠷ ᠰᠠᠷ᠎ᠠ ᠶᠢᠨ ᠨᠢᠭᠡᠨ ᠦ ᠡᠳᠦᠷ ᠦᠨ ᠪᠠᠶᠢᠳᠠᠯ ᠢᠶᠠᠷ 377 ᠮᠢᠩᠭᠠᠨ ᠭᠠ ᠲᠠᠯᠠᠪᠠᠢ ᠳᠤ ᠲᠠᠷᠢᠶᠠᠯᠠᠯᠲᠠ ᠬᠢᠭᠰᠡᠨ ᠡᠴᠡ ᠦᠷ᠎ᠡ ᠲᠠᠷᠢᠶ᠎ᠠ 291.6 ᠮᠢᠩᠭᠠᠨ ᠭᠠ ᠳᠦ᠂ ᠲᠧᠭᠨᠢᠭ ᠦᠨ ᠤᠷᠭᠤᠮᠠᠯ 59.8 ᠮᠢᠩᠭᠠᠨ ᠭᠠ ᠳᠦ᠂ ᠲᠥᠮᠥᠰᠥ 10.4 ᠮᠢᠩᠭᠠᠨ ᠭᠠ ᠳᠦ᠂ ᠲᠠᠷᠢᠮᠠᠯ ᠲᠡᠵᠢᠭᠡᠯ ᠦᠨ ᠤᠷᠭᠤᠮᠠᠯ 10.4 ᠮᠢᠩᠭᠠᠨ ᠭᠠ ᠳᠦ᠂ ᠬᠦᠨᠡᠰᠦᠨ ᠦ ᠨᠣᠭᠣᠭ᠎ᠠ 4.8 ᠮᠢᠩᠭᠠᠨ ᠭᠠ ᠳᠦ᠂ ᠪᠤᠰᠤᠳ ᠤᠷᠭᠤᠮᠠᠯ 0.5 ᠭᠠ ᠳᠦ ᠲᠤᠰ ᠲᠤᠰ ᠲᠠᠷᠢᠶᠠᠯᠠᠭᠰᠠᠨ ᠪᠠᠶᠢᠨ᠎ᠠ᠃
ᠨᠡᠶᠢᠲᠡ ᠲᠠᠷᠢᠶᠠᠯᠠᠭᠰᠠᠨ ᠲᠠᠯᠠᠪᠠᠢ ᠡᠮᠦᠨᠡᠬᠢ ᠣᠨ ᠤ ᠮᠥᠨ  ᠦᠶ᠎ᠡ ᠡᠴᠡ 12.9︵3.5 %︶ᠮᠢᠩᠭᠠᠨ ᠭᠠ ᠪᠠᠷ ᠥᠰᠦᠭᠰᠡᠨ ᠪᠠᠶᠢᠨ᠎ᠠ᠃ ᠡᠭᠦᠨ ᠳᠦ ᠬᠦᠨᠡᠰᠦᠨ ᠦ ᠨᠣᠭᠣᠭ᠎ᠠ 0.4︵8.3 %︶ᠮᠢᠩᠭᠠᠨ ᠭᠠ᠂ ᠦᠷ᠎ᠡ ᠲᠠᠷᠢᠶ᠎ᠠ 7.7︵2.6 %︶ ᠮᠢᠩᠭᠠᠨ ᠭᠠ ᠪᠠᠷ ᠪᠠᠭᠤᠷᠠᠵᠤ᠂ ᠲᠠᠷᠢᠮᠠᠯ ᠲᠡᠵᠢᠭᠡᠯ 5.3︵2.0 ᠳᠠᠬᠢᠨ︶ᠮᠢᠩᠭᠠᠨ ᠭᠠ᠂ ᠲᠧᠭᠨᠢᠭ ᠦᠨ ᠤᠷᠭᠤᠮᠠᠯ 14.6︵32.2%︶ᠮᠢᠩᠭᠠᠨ ᠭᠠ᠂ ᠲᠥᠮᠥᠰᠥ 1.3︵14.1%︶ᠮᠢᠩᠭᠠᠨ ᠭᠠ ᠪᠠᠷ ᠲᠤᠰ ᠲᠤᠰ ᠨᠡᠮᠡᠭᠳᠡᠭᠰᠡᠨ ᠪᠠᠶᠢᠨ᠎ᠠ᠃

ᠰᠡᠳᠬᠢᠭᠳᠡᠯ ᠦᠯᠡᠳᠡᠭᠡᠬᠦ