ᠭᠠᠯ ᠤᠨᠲᠠᠷᠠᠭᠠᠬᠤ ᠮᠡᠷᠭᠡᠵᠢᠯ ᠦᠨ ᠲᠡᠮᠡᠴᠡᠭᠡᠨ ᠳᠦ 7 ᠠᠶᠢᠮᠠᠭ ᠤᠨ ᠲᠠᠮᠢᠷᠴᠢᠨ ᠣᠷᠣᠯᠴᠠᠵᠤ ᠪᠠᠶᠢᠨ᠎ᠠ | News.MN

ᠭᠠᠯ ᠤᠨᠲᠠᠷᠠᠭᠠᠬᠤ ᠮᠡᠷᠭᠡᠵᠢᠯ ᠦᠨ ᠲᠡᠮᠡᠴᠡᠭᠡᠨ ᠳᠦ 7 ᠠᠶᠢᠮᠠᠭ ᠤᠨ ᠲᠠᠮᠢᠷᠴᠢᠨ ᠣᠷᠣᠯᠴᠠᠵᠤ ᠪᠠᠶᠢᠨ᠎ᠠ

ᠬᠥᠪᠰᠥᠭᠥᠯ ᠠᠶᠢᠮᠠᠭ ᠲᠤ ᠭᠠᠯ ᠤᠨᠲᠠᠷᠠᠭᠠᠬᠤ ᠲᠧᠭᠨᠢᠭ ᠦᠨ ᠣᠯᠠᠨ ᠲᠥᠷᠥᠯᠳᠦ ᠰᠫᠣᠷᠲ ᠤᠨ ᠬᠤᠢᠲᠤ ᠪᠥᠰᠡ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠢ 10 ᠵᠢᠯ ᠦᠨ ᠳᠠᠷᠠᠭ᠎ᠠ ᠵᠣᠬᠢᠶᠠᠨ ᠪᠠᠶᠢᠭᠤᠯᠵᠤ ᠪᠠᠶᠢᠨ᠎ᠠ᠃ ᠲᠡᠮᠡᠴᠡᠭᠡᠨ ᠳᠦ ᠬᠤᠢᠲᠤ ᠪᠥᠰᠡ ᠶᠢᠨ ᠣᠨᠴᠠᠭᠠᠢ ᠪᠠᠶᠢᠳᠠᠯ ᠤᠨ ᠪᠠᠶᠢᠭᠤᠯᠤᠯᠭ᠎ᠠ ᠶᠢᠨ ᠣᠷᠬᠣᠨ᠂ ᠬᠥᠪᠰᠥᠭᠥᠯ᠂ ᠳᠠᠷᠬᠠᠨ-ᠠᠭᠤᠯᠠ᠂ ᠰᠡᠯᠡᠩᠭᠡ᠂ ᠪᠤᠯᠠᠭᠠᠨ᠂ ᠠᠷᠤᠬᠠᠩᠭᠠᠢ᠂ ᠲᠥᠪ ᠭᠡᠰᠡᠨ 7 ᠠᠶᠢᠮᠠᠭ ᠤᠨ 10 ᠪᠠᠭ ᠤᠨ 100 ᠭᠠᠷᠤᠢ ᠲᠠᠮᠢᠷᠴᠢᠨ ᠳᠣᠪᠲᠣᠯᠭᠠᠨ ᠤ ᠱᠠᠲᠤ᠂ ᠰᠠᠭᠠᠳ ᠲᠠᠢ 100 ᠮᠸᠲᠷ᠂ 4* 100 ᠮᠧᠲ᠋ᠷ ᠦᠨ ᠪᠤᠤᠬᠢᠶ᠎ᠠ ᠭᠦᠶᠦᠯᠲᠡ᠂ ᠪᠠᠶᠢᠯᠳᠤᠭᠠᠨ ᠤ ᠲᠠᠷᠬᠠᠯᠲᠠ ᠭᠡᠰᠡᠨ ᠲᠥᠷᠥᠯ ᠦᠳ ᠢᠶᠡᠷ ᠬᠤᠷᠳᠤ ᠬᠦᠴᠦ᠂ ᠠᠪᠬᠠᠯᠵᠢ ᠰᠠᠮᠪᠠᠭ᠎ᠠ ᠪᠠᠨ ᠰᠣᠷᠢᠨ ᠥᠷᠢᠰᠦᠯᠳᠦᠵᠦ ᠪᠠᠶᠢᠨ᠎ᠠ᠃
ᠲᠤᠰ ᠲᠡᠮᠡᠴᠡᠭᠡᠨ ᠨᠢ ᠭᠠᠯ ᠤᠨᠲᠠᠷᠠᠭᠠᠬᠤ ᠲᠧᠭᠨᠢᠭ ᠦᠨ ᠣᠯᠠᠨ ᠲᠥᠷᠥᠯᠳᠦ ᠰᠫᠣᠷᠲ ᠢ ᠬᠥᠭᠵᠢᠭᠦᠯᠬᠦ᠂ ᠠᠯᠪᠠ ᠬᠠᠭᠠᠭᠴᠢᠳ ᠤᠨ ᠮᠡᠷᠭᠡᠵᠢᠯ ᠦᠨ ᠤᠷ᠎ᠠ ᠴᠢᠳᠠᠪᠤᠷᠢ ᠶᠢ ᠣᠯᠠᠨ ᠤᠯᠤᠰ ᠤᠨ ᠲᠦᠪᠰᠢᠨ ᠳᠦ ᠬᠦᠷᠭᠡᠬᠦ᠂ ᠲᠡᠰᠪᠦᠷᠢ ᠬᠠᠲᠠᠭᠤᠵᠢᠯ ᠣᠯᠭᠣᠬᠤ᠂ ᠠᠯᠪᠠᠨ ᠤ ᠪᠡᠯᠡᠳᠬᠡᠯ ᠪᠡᠯᠡᠨ ᠪᠠᠶᠢᠳᠠᠯ ᠢ ᠳᠡᠭᠡᠭᠰᠢᠯᠡᠭᠦᠯᠬᠦ᠂ ᠣᠨᠴᠠᠭᠠᠢ ᠪᠠᠶᠢᠳᠠᠯ ᠤᠨ ᠠᠯᠪᠠᠨ ᠤ ᠮᠡᠷᠭᠡᠵᠢᠯ ᠦᠨ ᠰᠫᠣᠷᠲ ᠢ ᠢᠷᠭᠡᠳ᠂ ᠣᠯᠠᠨ ᠨᠡᠶᠢᠲᠡ ᠳᠦ ᠰᠤᠷᠲᠠᠯᠴᠢᠯᠠᠬᠤ ᠠᠴᠢ ᠬᠣᠯᠪᠣᠭᠳᠠᠯ ᠲᠠᠢ ᠶᠤᠮ᠃

ᠰᠡᠳᠬᠢᠭᠳᠡᠯ ᠦᠯᠡᠳᠡᠭᠡᠬᠦ