ᠣᠨᠣᠨ-ᠪᠠᠯᠵᠢ ᠶᠢᠨ ᠭᠠᠵᠠᠷ ᠢ UNESCO ᠳᠦ ᠪᠦᠷᠢᠳᠬᠡᠯ᠎ᠡ | News.MN

ᠣᠨᠣᠨ-ᠪᠠᠯᠵᠢ ᠶᠢᠨ ᠭᠠᠵᠠᠷ ᠢ UNESCO ᠳᠦ ᠪᠦᠷᠢᠳᠬᠡᠯ᠎ᠡ

2023 ᠣᠨ ᠤ 06 ᠳ᠋ᠤᠭᠠᠷ ᠰᠠᠷ᠎ᠠ ᠶᠢᠨ 12-15  ᠤ ᠡᠳᠦᠷ ᠦᠳ ᠲᠦ ᠪᠣᠯᠤᠭᠰᠠᠨ UNESCO ᠦᠨ ᠬᠦᠮᠦᠨ ᠪᠠ ᠰᠢᠮ᠎ᠡ ᠮᠠᠨᠳᠤᠯ ᠬᠥᠲᠥᠯᠪᠦᠷᠢ ᠶᠢᠨ ᠣᠯᠠᠨ ᠤᠯᠤᠰ ᠤᠨ ᠵᠣᠬᠢᠴᠠᠭᠤᠯᠬᠤ ᠵᠥᠪᠯᠡᠯ ᠦᠨ 35ᠳ᠋ᠤᠭᠠᠷ ᠬᠤᠷᠠᠯ ᠤᠨ ᠵᠢᠷᠭᠤᠳᠤᠭᠠᠷ ᠰᠠᠷ᠎ᠠ ᠶᠢᠨ 14  ᠦ ᠡᠳᠦᠷ ᠦᠨ ᠬᠤᠷᠠᠯᠳᠤᠭᠠᠨ ᠢᠶᠠᠷ ᠣᠨᠣᠨ-ᠪᠠᠯᠵᠢ ᠶᠢᠨ ᠪᠠᠢᠭᠠᠯᠢ ᠶᠢᠨ ᠴᠣᠭᠴᠠᠯᠠᠪᠤᠷᠢᠳᠤ ᠭᠠᠵᠠᠷ ᠢ UNESCO ᠦᠨ ᠰᠢᠮ᠎ᠡ ᠮᠠᠨᠳᠤᠯ ᠤᠨ ᠨᠥᠭᠡᠴᠡ ᠭᠠᠵᠠᠷ ᠤᠳ ᠤᠨ ᠳᠡᠯᠡᠬᠡᠢ ᠶᠢᠨ ᠰᠦᠯᠵᠢᠶᠡᠨ ᠳᠦ ᠪᠦᠷᠢᠳᠬᠡᠨ ᠪᠠᠲᠤᠯᠠᠭᠠᠵᠢᠭᠤᠯᠤᠯ᠎ᠠ᠃
ᠣᠨᠣᠨ-ᠪᠠᠯᠵᠢ ᠶᠢᠨ ᠪᠠᠢᠭᠠᠯᠢ ᠶᠢᠨ ᠴᠤᠭᠴᠠᠯᠠᠪᠤᠷᠢᠲᠤ ᠭᠠᠵᠠᠷ  ᠨᠢ ᠳᠣᠷᠣᠨᠠᠲᠤ ᠠᠶᠢᠮᠠᠭ ᠤᠨ ᠪᠠᠶᠠᠨ-ᠠᠭᠤᠯᠠ᠂ ᠬᠡᠨᠲᠡᠢ ᠠᠶᠢᠮᠠᠭ ᠤᠨ ᠳᠠᠳᠤᠯ᠂ ᠪᠠᠶᠠᠨ- ᠠᠳᠠᠷᠭ᠎ᠠ᠂ ᠨᠤᠷᠪᠤᠯᠢᠨ᠂ ᠪᠢᠨᠳᠡᠷ ᠵᠡᠷᠭᠡ ᠰᠤᠮᠤ ᠶᠢᠨ ᠨᠤᠲᠤᠭ ᠳᠡᠪᠢᠰᠬᠡᠷ ᠲᠦ ᠣᠷᠣᠰᠢᠳᠠᠭ᠃ ᠡᠨᠡ ᠬᠦ ᠭᠠᠵᠠᠷ ᠨᠤᠲᠤᠭ ᠨᠢ ᠴᠡᠩᠭᠡᠭ ᠤᠰᠤᠨ ᠤ ᠶᠡᠬᠡ ᠨᠥᠭᠡᠴᠡ ᠪᠦᠬᠦᠢ ᠣᠨᠣᠨ ᠭᠣᠣᠯ᠂ ᠲᠡᠭᠦᠨ ᠦ ᠠᠢ ᠰᠠᠪᠠ᠂ ᠣᠶᠢᠲᠤ ᠬᠡᠭᠡᠷ᠎ᠡ ᠶᠢᠨ ᠡᠺᠣᠰᠢᠰᠲ᠋ᠧᠮ᠂ ᠯᠠᠨᠳ᠋ᠱᠠᠹᠲ ᠡᠺᠤᠯᠤᠭᠢ ᠶᠢᠨ ᠲᠣᠭᠲᠠᠴᠠ ᠪᠣᠯᠤᠨ ᠪᠢᠣᠯᠣᠭᠢ ᠶᠢᠨ ᠣᠯᠠᠨ ᠶᠠᠩᠵᠤ ᠪᠠᠶᠢᠳᠠᠯ ᠢ ᠬᠠᠮᠠᠭᠠᠯᠠᠬᠤ᠂ ᠵᠦᠢ ᠵᠣᠬᠢᠰᠲᠠᠢ ᠠᠰᠢᠭᠯᠠᠬᠤ ᠨᠥᠬᠥᠴᠡᠯ ᠢ ᠪᠦᠷᠢᠳᠦᠭᠦᠯᠵᠦ᠂ ᠪᠠᠶᠢᠭᠠᠯᠢ᠂ ᠲᠡᠦᠬᠡ ᠶᠢᠨ ᠳᠤᠷᠠᠰᠬᠠᠯᠲᠤ ᠭᠠᠵᠠᠷ ᠤᠳ ᠤᠨ ᠠᠷᠪᠢᠨ ᠶᠡᠬᠡ ᠨᠥᠭᠡᠴᠡ ᠶᠢ ᠲᠦᠰᠢᠭᠯᠡᠨ ᠠᠶᠠᠯᠠᠯ ᠵᠢᠭᠤᠯᠴᠢᠯᠠᠯ ᠬᠥᠭᠵᠢᠭᠦᠯᠬᠦ᠂ ᠲᠤᠰᠬᠠᠢ ᠬᠠᠮᠠᠭᠠᠯᠠᠯᠲᠠ ᠲᠠᠢ ᠭᠠᠵᠠᠷ ᠨᠤᠲᠤᠭ᠂ ᠲᠡᠭᠦᠨ ᠦ ᠣᠷᠴᠢᠨ ᠤ ᠪᠥᠰᠡ ᠳᠦ ᠠᠮᠢᠳᠤᠷᠠᠳᠠᠭ ᠢᠷᠭᠡᠳ ᠢ ᠪᠠᠶᠢᠭᠠᠯᠢ ᠬᠠᠮᠠᠭᠠᠯᠠᠬᠤ ᠦᠢᠯᠡᠰ ᠲᠦ ᠲᠠᠲᠠᠨ ᠣᠷᠤᠯᠴᠠᠭᠤᠯᠬᠤ᠂ ᠤᠯᠠᠮ ᠢᠶᠠᠷ ᠪᠥᠰᠡ ᠨᠤᠲᠤᠭ ᠤᠨ ᠲᠣᠭᠲᠠᠪᠤᠷᠢᠲᠠᠢ ᠬᠥᠭᠵᠢᠯ ᠢ ᠬᠠᠩᠭᠠᠬᠤ ᠳᠤ ᠴᠢᠬᠤᠯᠠ ᠠᠴᠢ ᠬᠣᠯᠪᠣᠭᠳᠠᠯ ᠲᠠᠢ ᠭᠠᠵᠠᠷ ᠨᠤᠲᠤᠭ ᠶᠤᠮ᠃

ᠰᠡᠳᠬᠢᠭᠳᠡᠯ ᠦᠯᠡᠳᠡᠭᠡᠬᠦ