《ᠮᠢᠨᠦ ᠪᠦᠲᠦᠭᠡᠯ–ᠮᠢᠨᠦ ᠢᠷᠡᠭᠡᠳᠦᠢ》ᠰᠢᠯᠢᠳᠡᠭ ᠲᠥᠰᠥᠯ ᠰᠢᠯᠭᠠᠷᠠᠭᠤᠯᠤᠯ᠎ᠠ | News.MN

《ᠮᠢᠨᠦ ᠪᠦᠲᠦᠭᠡᠯ–ᠮᠢᠨᠦ ᠢᠷᠡᠭᠡᠳᠦᠢ》ᠰᠢᠯᠢᠳᠡᠭ ᠲᠥᠰᠥᠯ ᠰᠢᠯᠭᠠᠷᠠᠭᠤᠯᠤᠯ᠎ᠠ

ᠨᠠᠯᠠᠶᠢᠬᠤ᠂ ᠪᠠᠭᠠᠨᠠᠭᠤᠷ᠂ ᠪᠠᠭᠠᠬᠠᠩᠭᠠᠢ ᠳᠡᠭᠦᠷᠭᠡ ᠶᠢᠨ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠶᠢᠨ ᠠᠬᠠᠯᠠᠬᠤ ᠠᠩᠬᠢ ᠶᠢᠨ ᠰᠤᠷᠤᠭᠴᠢᠳ ᠤᠨ ᠳᠤᠮᠳᠠ ᠤᠯᠠᠮᠵᠢᠯᠠᠯ ᠪᠣᠯᠭᠠᠨ ᠵᠣᠬᠢᠶᠠᠨ ᠪᠠᠶᠢᠭᠤᠯᠳᠠᠭ《ᠮᠢᠨᠦ ᠪᠦᠲᠦᠭᠡᠯ–ᠮᠢᠨᠦ ᠢᠷᠡᠭᠡᠳᠦᠢ》ᠰᠢᠯᠢᠳᠡᠭ ᠲᠥᠰᠥᠯ ᠰᠢᠯᠭᠠᠷᠠᠭᠤᠯᠬᠤ ᠤᠷᠤᠯᠳᠤᠭᠠᠨ ᠥᠨᠳᠥᠷᠯᠡᠵᠦ᠂ ᠰᠢᠯᠢᠳᠡᠭ ᠦᠳ ᠢᠶᠡᠨ ᠲᠣᠳᠣᠷᠠᠭᠤᠯᠤᠯ᠎ᠠ᠃
ᠲᠤᠰ ᠲᠥᠰᠥᠯ ᠦᠨ ᠤᠷᠤᠯᠳᠤᠭᠠᠨ ᠳᠤ 77 ᠪᠦᠯᠦᠭ ᠦᠨ 2100 ᠣᠷᠴᠢᠮ ᠬᠡᠦᠬᠡᠳ ᠣᠷᠣᠯᠴᠠᠵᠤ᠂ 160 ᠭᠠᠷᠤᠢ ᠲᠥᠰᠥᠯ ᠢᠷᠡᠭᠦᠯᠦᠭᠰᠡᠨ ᠡᠴᠡ ᠨᠢᠭᠡᠳᠦᠭᠡᠷ ᠪᠠᠶᠢᠷᠢ ᠳᠤ ᠨᠠᠯᠠᠶᠢᠬᠤ ᠳᠡᠭᠦᠷᠭᠡ ᠶᠢᠨ 103 ᠳ᠋ᠤᠭᠠᠷ ᠰᠤᠷᠭᠠᠭᠤᠯᠢ ᠶᠢᠨ 11︽ᠠ︾ ᠪᠦᠯᠦᠭ ᠦᠨ ᠪ ∙ ᠪᠠᠰᠠᠩᠳᠤᠯᠮ᠎ᠠ ᠠᠬᠠᠯᠠᠭᠴᠢ ᠲᠠᠢ ᠪᠠᠭ ᠤᠨ 《ᠰᠲ᠋ᠠᠨᠳᠠᠷᠲ ᠪᠣᠯᠪᠠᠰᠤᠷᠠᠯ》ᠲᠥᠰᠥᠯ ᠲᠡᠷᠢᠭᠦᠯᠡᠭᠰᠡᠨ ᠪᠣᠯ ᠮᠥᠨ ᠲᠤᠰ ᠰᠤᠷᠭᠠᠭᠤᠯᠢ ᠶᠢᠨ 10 ︽ᠪ ︾ᠠᠩᠬᠢ ᠶᠢᠨ ᠡ᠊ ∙ ᠤᠤᠭᠠᠨ-ᠡᠷᠳᠡᠨᠢ ᠠᠬᠠᠯᠠᠭᠴᠢ ᠲᠠᠢ ᠪᠠᠭ 《ᠡᠷᠡᠭᠦᠯ ᠣᠷᠴᠢᠨ》ᠲᠥᠰᠥᠯ ᠢᠶᠡᠷ ᠤᠳᠠᠭᠠᠯᠠᠵᠤ᠂ ᠪᠠᠭᠠᠨᠠᠭᠤᠷ ᠳᠡᠭᠦᠷᠭᠡ ᠶᠢᠨ《ᠣᠶᠤᠨ ᠤ ᠡᠷᠡᠨ》ᠴᠣᠭᠴᠠᠯᠠᠪᠤᠷᠢ ᠰᠤᠷᠭᠠᠭᠤᠯᠢ ᠶᠢᠨ 10 ︽ᠪ︾ᠠᠩᠬᠢ ᠶᠢᠨ ᠪ ∙ ᠠᠮᠢᠨ᠎ᠠ ᠠᠬᠠᠯᠠᠭᠴᠢ ᠲᠠᠢ ᠪᠠᠭ 《ᠵᠢᠷᠭᠠᠯ ᠲᠠᠢ ᠨᠣᠮ ᠤᠨ ᠰᠠᠩ》ᠲᠥᠰᠥᠯ ᠢᠶᠡᠷ ᠢᠶᠡᠨ ᠭᠤᠷᠪᠠᠳᠤᠭᠠᠷ ᠪᠠᠶᠢᠷᠢ ᠳᠤ ᠰᠢᠯᠭᠠᠷᠠᠭᠰᠠᠨ ᠶᠤᠮ᠃

ᠡᠨᠡ ᠬᠦ ᠰᠢᠯᠢᠳᠡᠭ ᠲᠥᠰᠥᠯ ᠰᠢᠯᠭᠠᠷᠠᠭᠤᠯᠬᠤ ᠤᠷᠤᠯᠳᠤᠭᠠᠨ ᠨᠢ 3 ᠰᠠᠷ᠎ᠠ ᠶᠢᠨ ᠬᠤᠭᠤᠴᠠᠭᠠᠨ ᠳᠤ ᠦᠷᠭᠦᠯᠵᠢᠯᠡᠵᠦ᠂ ᠲᠥᠰᠥᠯ ᠪᠢᠴᠢᠬᠦ ᠵᠢᠭᠠᠪᠤᠷᠢᠴᠢᠯᠠᠯ᠂ ᠲᠥᠰᠥᠯ ᠦᠨ ᠨᠢᠭᠡᠳᠦᠭᠰᠡᠨ ᠠᠭᠤᠯᠵᠠᠯᠲᠠ᠂ ᠲᠥᠰᠥᠯ ᠦᠨ ᠰᠣᠨᠣᠰᠬᠠᠯ ᠤᠨ ᠱᠠᠲᠤ ᠭᠡᠰᠡᠨ ᠦᠨᠳᠦᠰᠦᠨ ᠭᠤᠷᠪᠠᠨ ᠱᠠᠲᠤ ᠲᠠᠢ ᠪᠠᠷ ᠵᠣᠬᠢᠶᠠᠨ ᠪᠠᠶᠢᠭᠤᠯᠤᠭᠳᠠᠭᠰᠠᠨ ᠪᠥᠭᠡᠳ ᠬᠡᠦᠬᠡᠳ ᠦᠳ ᠦᠨ ᠬᠤᠪᠢ ᠳᠤ ᠲᠥᠰᠥᠯ ᠪᠢᠴᠢᠬᠦ ᠠᠷᠭ᠎ᠠ᠂ ᠠᠷᠭᠠᠴᠢᠯᠠᠯ ᠳᠤ ᠰᠤᠷᠤᠯᠴᠠᠭᠰᠠᠨ ᠠᠴᠠ ᠭᠠᠳᠠᠨ᠎ᠠ ᠠᠯᠢᠪᠠ ᠵᠦᠢᠯ ᠦᠨ ᠭᠠᠷᠴᠠ ᠰᠢᠢᠳᠦᠯ ᠢ ᠣᠯᠬᠤ ᠪᠠᠷ ᠵᠣᠷᠢᠵᠤ᠂ ᠪᠦᠲᠦᠭᠡᠯᠴᠢ ᠰᠡᠳᠬᠢᠯᠭᠡ ᠶᠢ ᠬᠥᠭᠵᠢᠭᠦᠯᠵᠦ ᠥᠭᠭᠦᠭᠰᠡᠨ ᠨᠢ ᠢᠯᠡᠭᠦᠦ  ᠦᠭᠭᠦᠭᠡᠵᠢ ᠲᠡᠢ ᠪᠠᠶᠢᠭᠰᠠᠨ ᠢ ᠲᠥᠰᠥᠯ ᠳᠦ ᠣᠷᠣᠯᠴᠠᠭᠰᠠᠨ ᠰᠤᠷᠤᠭᠴᠢᠳ ᠬᠡᠯᠡᠵᠦ ᠪᠠᠶᠢᠯ᠎ᠠ᠃

ᠰᠡᠳᠬᠢᠭᠳᠡᠯ ᠦᠯᠡᠳᠡᠭᠡᠬᠦ