ᠬᠥᠯ ᠪᠥᠮᠪᠦᠭᠡᠴᠢᠳ ᠮᠠᠷᠭᠠᠰᠢ ᠸᠠᠨᠤᠲ᠋ᠤ᠋  ᠶᠢᠨ ᠪᠠᠭ ᠲᠠᠢ ᠲᠣᠭᠯᠠᠨ᠎ᠠ | News.MN

ᠬᠥᠯ ᠪᠥᠮᠪᠦᠭᠡᠴᠢᠳ ᠮᠠᠷᠭᠠᠰᠢ ᠸᠠᠨᠤᠲ᠋ᠤ᠋  ᠶᠢᠨ ᠪᠠᠭ ᠲᠠᠢ ᠲᠣᠭᠯᠠᠨ᠎ᠠ

ᠮᠣᠩᠭᠣᠯ ᠤᠨ ᠬᠥᠯ ᠪᠥᠮᠪᠥᠭᠡ ᠶᠢᠨ ᠦᠨᠳᠦᠰᠦᠨ ᠦ ᠰᠢᠭᠰᠢᠭᠡ ᠪᠠᠭ ᠡᠨᠡ ᠰᠠᠷ᠎ᠠ ᠶᠢᠨ 09-18  ᠳᠦ ᠡᠨᠡᠳᠬᠡᠭ ᠤᠯᠤᠰ  ᠲᠤ ᠵᠤᠬᠢᠶᠠᠭᠳᠠᠬᠤ《Hero Intercontinental Cup 2023》 ᠣᠯᠠᠨ ᠤᠯᠤᠰ ᠤᠨ ᠲᠡᠮᠡᠴᠡᠭᠡᠨ ᠳᠦ ᠣᠷᠣᠯᠴᠠᠵᠤ ᠪᠠᠶᠢᠨ᠎ᠠ᠃
ᠮᠠᠨ ᠤ ᠰᠢᠭᠰᠢᠭᠡ ᠪᠠᠭ 9  ᠳᠦ ᠡᠬᠢᠨ ᠦ ᠲᠣᠭᠯᠠᠯᠲᠠ ᠪᠠᠨ ᠡᠨᠡᠳᠬᠡᠭ ᠦᠨ ᠡᠰᠡᠷᠭᠦ ᠬᠢᠵᠦ᠂ 0᠄2  ᠢᠶᠠᠷ ᠢᠯᠠᠭᠳᠠᠭᠰᠠᠨ᠃ ᠬᠤᠶᠠᠳᠠᠬᠢ ᠲᠣᠭᠯᠠᠯᠲᠠ ᠳᠤ ᠪᠠᠨ ᠯᠢᠪᠠᠨ ᠤ ᠪᠠᠭ ᠲᠡᠢ ᠥᠷᠢᠰᠦᠯᠳᠦᠵᠦ᠂ 0᠄0  ᠢᠶᠠᠷ ᠲᠡᠩᠴᠡᠵᠦ᠂ ᠲᠡᠮᠡᠴᠡᠭᠡᠨ ᠦ ᠡᠬᠢᠨ ᠦ ᠣᠨᠣᠭ᠎ᠠ ᠪᠠᠨ ᠠᠪᠤᠭᠰᠠᠨ ᠶᠤᠮ᠃
ᠣᠳᠣ ᠪᠠᠷ ᠲᠡᠮᠡᠴᠡᠭᠡᠨ ᠢ ᠡᠨᠡᠳᠬᠡᠭ ᠦᠨ ᠪᠠᠭ 6 ᠣᠨᠣᠭ᠎ᠠ ᠲᠠᠢ ᠲᠡᠷᠢᠭᠦᠯᠡᠵᠦ ᠪᠠᠶᠢᠭ᠎ᠠ ᠪᠣᠯ ᠯᠢᠪᠠᠨ 4᠂ ᠮᠣᠩᠭᠣᠯ 1᠂ ᠸᠠᠩᠠᠲᠤ 0 ᠣᠨᠣᠭ᠎ᠠ ᠲᠠᠢ ᠪᠠᠶᠢᠨ᠎ᠠ᠃ ᠮᠠᠨ ᠤ ᠪᠠᠭ ᠭᠤᠷᠪᠠᠳᠠᠬᠢ ᠲᠣᠭᠯᠠᠯᠲᠠ ᠪᠠᠨ ᠮᠠᠷᠭᠠᠰᠢ ᠸᠠᠨᠤᠲ᠋ᠤ᠋  ᠶᠢᠨ ᠪᠠᠭ  ᠲᠠᠢ ᠬᠢᠨ᠎ᠡ᠃

ᠰᠡᠳᠬᠢᠭᠳᠡᠯ ᠦᠯᠡᠳᠡᠭᠡᠬᠦ