ᠴᠧᠾ ᠲᠤ ᠰᠠᠭᠤᠭ᠎ᠠ ᠡᠯᠴᠢᠨ ᠰᠠᠶᠢᠳ ᠤᠨ ᠶᠠᠮᠤᠨ ᠦᠨᠳᠦᠰᠦᠨ ᠦ ᠰᠤᠶᠤᠯ ᠢᠶᠠᠨ ᠰᠤᠷᠲᠠᠯᠴᠢᠯᠠᠵᠠᠢ | News.MN

ᠴᠧᠾ ᠲᠤ ᠰᠠᠭᠤᠭ᠎ᠠ ᠡᠯᠴᠢᠨ ᠰᠠᠶᠢᠳ ᠤᠨ ᠶᠠᠮᠤᠨ ᠦᠨᠳᠦᠰᠦᠨ ᠦ ᠰᠤᠶᠤᠯ ᠢᠶᠠᠨ ᠰᠤᠷᠲᠠᠯᠴᠢᠯᠠᠵᠠᠢ

ᠮᠣᠩᠭᠣᠯ ᠤᠯᠤᠰ ᠠᠴᠠ ᠪᠦᠭᠦᠳᠡ ᠨᠠᠶᠢᠷᠠᠮᠳᠠᠬᠤ ᠴᠧᠾ ᠤᠯᠤᠰ ᠲᠤ ᠰᠠᠭᠤᠭ᠎ᠠ ᠡᠯᠴᠢᠨ ᠰᠠᠶᠢᠳ ᠤᠨ ᠶᠠᠮᠤᠨ ᠲᠤᠰ ᠤᠯᠤᠰ ᠳᠠᠬᠢ ᠳ᠋ᠢᠫᠯᠣᠮᠠᠲ ᠺᠣᠷᠫᠤᠰ ᠤᠨ ᠳᠤᠮᠳᠠ ᠵᠣᠬᠢᠶᠠᠭᠳᠠᠳᠠᠭ ᠦᠨᠳᠦᠰᠦᠨ ᠦ ᠬᠣᠭᠣᠯᠠ᠂ ᠰᠤᠶᠤᠯ ᠤᠨ ᠡᠳᠦᠷᠯᠢᠭ ᠲᠦ ᠣᠷᠣᠯᠴᠠᠵᠤ᠂ ᠲᠡᠷᠡ ᠤᠯᠤᠰ ᠲᠤ ᠠᠵᠤ ᠲᠦᠷᠦᠵᠦ ᠪᠤᠢ ᠮᠣᠩᠭᠣᠯ ᠢᠷᠭᠡᠳ᠂ ᠠᠵᠤ ᠠᠬᠤᠢ ᠶᠢᠨ ᠨᠢᠭᠡᠴᠡ᠂ ᠤᠷᠠᠨ ᠪᠦᠲᠦᠭᠡᠯᠴᠢᠳ ᠲᠡᠢ ᠬᠠᠮᠲᠤᠷᠠᠨ ᠤᠯᠤᠰ ᠣᠷᠣᠨ ᠢᠶᠠᠨ ᠰᠤᠷᠲᠠᠯᠴᠢᠯᠠᠯ᠎ᠠ᠃
ᠠᠷᠭ᠎ᠠ ᠬᠡᠮᠵᠢᠶᠡᠨ ᠦ ᠦᠶ᠎ᠡ ᠪᠡᠷ ᠭᠠᠳᠠᠭᠠᠳᠤ ᠬᠠᠷᠢᠯᠴᠠᠭᠠᠨ ᠤ ᠶᠠᠮᠤᠨ ᠤ ᠪᠦᠲᠦᠭᠡᠭᠰᠡᠨ 《Amazing Mongolia》 ᠭᠡᠷᠡᠯ ᠵᠢᠷᠤᠭ ᠤᠨ ᠦᠵᠡᠰᠬᠦᠯᠡᠩ ᠢ ᠳᠡᠯᠭᠡᠨ ᠦᠵᠡᠭᠦᠯᠵᠦ᠂ 《ᠲᠦᠮᠡᠨ ᠠᠭᠲᠠ ᠶᠢᠨ ᠲᠥᠪᠡᠷᠭᠡᠨ》 ᠲᠡᠷᠢᠭᠦᠲᠡᠢ ᠮᠣᠷᠢᠨ ᠬᠤᠭᠤᠷ ᠤᠨ ᠲᠠᠲᠠᠯᠭ᠎ᠠ᠂ ᠬᠦᠭᠡᠮᠢ ᠶᠢᠨ ᠬᠣᠣᠰᠯᠠᠯ᠂ 《ᠮᠣᠩᠭᠣᠯ ᠳᠣᠮᠣᠭ》ᠠᠷᠠᠳ ᠤᠨ ᠪᠦᠵᠢᠭ ᠦᠨ ᠦᠵᠡᠭᠦᠯᠪᠦᠷᠢ ᠶᠢ ᠦᠵᠡᠭᠦᠯᠦᠭᠰᠡᠨ ᠨᠢ ᠦᠵᠡᠭᠴᠢ ᠣᠯᠠᠨ ᠤ ᠲᠠᠯᠠᠷᠬᠠᠯ ᠢ ᠬᠦᠯᠢᠶᠡᠪᠡ᠃

ᠰᠡᠳᠬᠢᠭᠳᠡᠯ ᠦᠯᠡᠳᠡᠭᠡᠬᠦ