ᠮᠠᠨ ᠤ ᠤᠯᠤᠰ ᠤᠨ ᠭᠠᠳᠠᠭᠠᠳᠤ ᠸᠠᠯᠢᠶᠤᠲ ᠤᠨ ᠨᠥᠭᠡᠴᠡ 3.9 ᠲᠡᠷᠪᠤᠮ ᠳ᠋ᠣᠯᠯᠠᠷ ᠲᠤ ᠬᠦᠷᠦᠯ᠎ᠡ᠃ ᠭᠠᠳᠠᠭᠠᠳᠤ ᠸᠠᠯᠢᠶᠤᠲ ᠤᠨ ᠠᠯᠪᠠᠨ ᠨᠥᠭᠡᠴᠡ ᠡᠨᠡ ᠣᠨ ᠤ ᠡᠬᠢᠨ ᠳᠤ 3.5 ᠲᠡᠷᠪᠤᠮ ᠳ᠋ᠣᠯᠯᠠᠷ ᠲᠤ ᠬᠦᠷᠴᠦ᠂ 4.71 ᠬᠤᠪᠢ ᠪᠠᠷ ᠥᠰᠦᠭᠡᠳ ᠪᠠᠶᠢᠭᠰᠠᠨ ᠶᠤᠮ᠃ ᠥᠩᠭᠡᠷᠡᠭᠰᠡᠨ ᠣᠨ ᠤ ᠠᠷᠪᠠᠨ ᠨᠢᠭᠡᠳᠦᠭᠡᠷ ᠰᠠᠷ᠎ᠠ ᠶᠢᠨ ᠪᠠᠶᠢᠳᠠᠯ ᠢᠶᠠᠷ ᠭᠠᠳᠠᠭᠠᠳᠤ ᠸᠠᠯᠢᠶᠤᠲ ᠤᠨ ᠠᠯᠪᠠᠨ ᠨᠥᠭᠡᠴᠡ 2935.19 ᠲᠡᠷᠪᠤᠮ ᠳ᠋ᠣᠯᠯᠠᠷ ᠪᠠᠶᠢᠪᠠ᠃
ᠬᠠᠤᠯᠢ ᠳᠤ ᠵᠢᠭᠠᠭᠰᠠᠨ ᠢᠶᠠᠷ ᠭᠠᠳᠠᠭᠠᠳᠤ ᠸᠠᠯᠢᠶᠤᠲ ᠤᠨ ᠤᠯᠤᠰ ᠤᠨ ᠨᠥᠭᠡᠴᠡ ᠨᠢ ᠳᠠᠷᠠᠭᠠᠬᠢ ᠲᠥᠷᠥᠯ ᠦᠨ ᠠᠺᠲ᠋ᠢᠪ ᠠᠴᠠ ᠪᠦᠷᠢᠳᠳᠡᠭ᠃ ᠡᠭᠦᠨ ᠳᠦ᠄ ᠭᠠᠳᠠᠭᠠᠳᠤ ᠣᠷᠣᠨ ᠤ ᠪᠠᠩᠬᠢ᠂ ᠰᠠᠩᠬᠦᠦ ᠶᠢᠨ ᠪᠠᠶᠢᠭᠤᠯᠤᠯᠭ᠎ᠠ ᠳᠤ ᠬᠠᠳᠠᠭᠠᠯᠠᠵᠤ ᠪᠠᠶᠢᠭ᠎ᠠ ᠮᠥᠩᠭᠦᠵᠢᠭᠰᠡᠨ ᠠᠯᠲᠠ᠂ ᠪᠡᠯᠡᠨ ᠪᠠ ᠪᠡᠯᠡᠨ ᠪᠤᠰᠤ ᠬᠡᠯᠪᠡᠷᠢ ᠪᠡᠷ ᠪᠠᠶᠢᠭ᠎ᠠ ᠴᠢᠯᠦᠭᠡᠲᠡᠢ ᠬᠦᠷᠪᠡᠳᠡᠭ ᠭᠠᠳᠠᠭᠠᠳᠤ ᠸᠠᠯᠢᠶᠤᠲ᠂ ᠴᠢᠯᠦᠭᠡᠲᠡᠢ ᠬᠦᠷᠪᠡᠳᠡᠭ ᠭᠠᠳᠠᠭᠠᠳᠤ ᠸᠠᠯᠢᠶᠤᠲ ᠢᠶᠠᠷ ᠴᠢᠯᠦᠭᠡᠲᠡᠢ ᠲᠦᠯᠦᠭᠳᠡᠬᠦ ᠸᠧᠺᠰᠧᠯ᠂ ᠭᠠᠳᠠᠭᠠᠳᠤ ᠣᠷᠣᠨ ᠤ ᠵᠠᠰᠠᠭ ᠤᠨ ᠭᠠᠵᠠᠷ᠂ ᠲᠥᠪ ᠪᠠᠩᠬᠢ᠂ ᠣᠯᠠᠨ ᠤᠯᠤᠰ ᠤᠨ ᠰᠠᠩᠬᠦᠦ ᠶᠢᠨ ᠪᠠᠶᠢᠭᠤᠯᠤᠯᠭ᠎ᠠ ᠠᠴᠠ ᠭᠠᠷᠭᠠᠭᠰᠠᠨ ᠪᠤᠶᠤ ᠪᠠᠲᠤᠯᠠᠭᠠᠵᠢᠭᠤᠯᠤᠭᠰᠠᠨ ᠴᠢᠯᠦᠭᠡᠲᠡᠢ ᠬᠦᠷᠪᠡᠳᠡᠭ ᠭᠠᠳᠠᠭᠠᠳᠤ ᠸᠠᠯᠢᠶᠤᠲ ᠢᠶᠠᠷ ᠨᠡᠷᠡᠯᠡᠭᠰᠡᠨ᠂ ᠲᠡᠭᠦᠪᠡᠷ ᠲᠦᠯᠦᠭᠳᠡᠬᠦ ᠪᠦᠬᠦ ᠲᠥᠷᠥᠯ ᠦᠨ ᠦᠨᠡᠲᠦ ᠴᠠᠭᠠᠰᠤ᠂ ᠣᠯᠠᠨ ᠤᠯᠤᠰ ᠤᠨ ᠬᠡᠮᠵᠢᠶᠡᠨ ᠳᠦ ᠭᠠᠳᠠᠭᠠᠳᠤ ᠸᠠᠯᠢᠶᠤᠲ ᠤᠨ ᠨᠥᠭᠡᠴᠡ ᠳᠤ ᠲᠣᠭᠠᠴᠠᠭᠳᠠᠬᠤ ᠪᠤᠰᠤᠳ ᠠᠺᠲ᠋ᠢᠪ ᠣᠷᠣᠳᠠᠭ᠃