ᠤᠯᠤᠰ ᠤᠨ ᠬᠡᠮᠵᠢᠶᠡᠨ ᠳᠦ ᠢᠨᠹᠯᠢᠶᠠᠼ 5 ᠳ᠋ᠤᠭᠠᠷ ᠰᠠᠷ᠎ᠠ ᠶᠢᠨ ᠪᠠᠶᠢᠳᠠᠯ ᠢᠶᠠᠷ 11.3 ᠬᠤᠪᠢ ᠪᠠᠶᠢᠭ᠎ᠠ ᠶᠢ ᠦᠨᠳᠦᠰᠦᠨ ᠦ ᠰᠲ᠋ᠠᠲ᠋ᠢᠰᠲ᠋ᠢᠺ ᠤᠨ ᠬᠣᠷᠢᠶ᠎ᠠ ᠮᠡᠳᠡᠭᠡᠯᠡᠭᠰᠡᠨ᠃ ᠢᠨᠹᠯᠢᠶᠠᠼ ᠤᠨ 47.1ᠬᠤᠪᠢ ᠶᠢ 20 ᠪᠦᠲᠦᠭᠡᠭᠳᠡᠬᠦᠨ ᠦ ᠦᠨ᠎ᠡ ᠶᠢᠨ ᠥᠰᠦᠯᠲᠡ ᠪᠦᠷᠢᠳᠦᠭᠦᠯᠵᠡᠢ᠃
ᠲᠣᠳᠣᠷᠠᠭᠤᠯᠪᠠᠯ᠂ ᠬᠦᠨᠡᠰᠦᠨ ᠦ ᠪᠦᠲᠦᠭᠡᠭᠳᠡᠬᠦᠨ ᠳᠣᠲᠣᠷ᠎ᠠ ᠠᠴᠠ ᠬᠣᠨᠢ ᠪᠣᠯᠤᠨ ᠦᠬᠡᠷ ᠦᠨ ᠶᠠᠰᠤ ᠲᠠᠢ ᠮᠢᠬ᠎ᠠ᠂ ᠦᠬᠡᠷ ᠦᠨ ᠴᠤᠯᠤ ᠮᠢᠬ᠎ᠠ᠂ ᠲᠠᠯᠬ᠎ᠠ᠂ ᠭᠤᠯᠢᠷ᠂ ᠰᠦ᠂ ᠭᠤᠯᠢᠷ ᠤᠨ ᠪᠣᠣᠪᠣ᠂ ᠰᠢᠷ᠎ᠠ ᠠᠶᠢᠷᠠᠭ᠂ ᠭᠤᠢᠮᠤᠨ᠂ ᠲᠥᠮᠥᠰᠥ᠂ ᠴᠠᠭᠠᠨ ᠪᠤᠳᠠᠭᠠᠨ ᠤ ᠦᠨ᠎ᠡ ᠢᠨᠹᠯᠢᠶᠠᠼ ᠲᠤ ᠶᠡᠬᠡᠬᠡᠨ ᠨᠥᠯᠥᠭᠡ ᠲᠡᠢ ᠪᠠᠶᠢᠭ᠎ᠠ ᠠᠵᠠᠢ᠃ ᠮᠥᠨ ᠢᠮᠫᠣᠷᠲ ᠤᠨ ᠤᠭᠢᠶᠠᠯᠭ᠎ᠠ ᠶᠢᠨ ᠨᠤᠨᠲᠠᠭ᠂ ᠦᠰᠦᠨ ᠦ ᠱᠠᠮᠫᠤᠨᠢ᠂ ᠸᠠᠺᠺᠤᠮ ᠴᠣᠩᠬᠣᠨ ᠤ ᠦᠨ᠎ᠡ᠂ ᠡᠮᠡᠭᠲᠡᠢ ᠬᠦᠮᠦᠨ ᠦ ᠨᠢᠭᠤᠷ ᠦᠨ ᠰᠢᠩᠭᠡᠨ᠂ ᠡᠩᠭᠡᠰᠬᠡ ᠵᠡᠷᠭᠡ ᠪᠦᠲᠦᠭᠡᠭᠳᠡᠬᠦᠨ ᠦ ᠦᠨ᠎ᠡ ᠶᠢᠨ ᠥᠰᠦᠯᠲᠡ ᠲᠣᠮᠣᠬᠠᠨ ᠨᠥᠯᠥᠭᠡ ᠦᠵᠡᠭᠦᠯᠵᠡᠢ᠃ ᠡᠳᠡᠭᠡᠷ ᠪᠠᠷᠠᠭᠠᠨ ᠤ ᠦᠨ᠎ᠡ ᠶᠢᠨ ᠥᠰᠦᠯᠲᠡ ᠶᠢ ᠬᠠᠰᠤᠵᠤ ᠲᠣᠭᠠᠴᠠᠪᠠᠯ ᠤᠯᠤᠰ ᠤᠨ ᠬᠡᠮᠵᠢᠶᠡᠨ ᠦ ᠢᠨᠹᠯᠢᠶᠠᠼ 6.0 ᠬᠤᠪᠢ ᠲᠠᠢ ᠪᠤᠯᠬᠤ ᠶᠤᠮ᠃