ᠡᠨᠡ ᠰᠠᠷ᠎ᠠ ᠶᠢᠨ 15  ᠠᠴᠠ ᠵᠠᠪᠢᠳᠤ ᠡᠷᠭᠢᠭᠦᠯ ᠠᠵᠢᠯᠯᠠᠵᠤ ᠡᠬᠢᠯᠡᠨ᠎ᠡ | News.MN

ᠡᠨᠡ ᠰᠠᠷ᠎ᠠ ᠶᠢᠨ 15  ᠠᠴᠠ ᠵᠠᠪᠢᠳᠤ ᠡᠷᠭᠢᠭᠦᠯ ᠠᠵᠢᠯᠯᠠᠵᠤ ᠡᠬᠢᠯᠡᠨ᠎ᠡ

ᠨᠡᠶᠢᠰᠯᠡᠯ ᠦᠨ ᠬᠡᠮᠵᠢᠶᠡᠨ ᠳᠦ ᠦᠶᠡᠷ ᠤᠰᠤ᠂ ᠭᠣᠣᠯ᠂ ᠤᠰᠤᠨ ᠤ ᠣᠰᠣᠯ ᠤᠨ ᠨᠥᠬᠥᠴᠡᠯ ᠪᠠᠶᠢᠳᠠᠯ᠂ ᠤᠷᠢᠳᠴᠢᠯᠠᠨ ᠰᠡᠷᠭᠡᠶᠢᠯᠡᠬᠦ ᠠᠷᠭ᠎ᠠ ᠬᠡᠮᠵᠢᠶᠡᠨ ᠦ ᠲᠠᠯ᠎ᠠ ᠪᠠᠷ ᠨᠡᠢᠰᠯᠡᠯ ᠦᠨ ᠤᠨᠴᠠᠭᠠᠢ ᠪᠠᠢᠳᠠᠯ ᠤᠨ ᠭᠠᠵᠠᠷ ᠠᠴᠠ ᠮᠡᠳᠡᠭᠡᠯᠡᠯ᠎ᠡ᠃
ᠲᠤᠰ ᠭᠠᠵᠠᠷ ᠤᠨ ᠭᠠᠮᠰᠢᠭ ᠠᠴᠠ ᠤᠷᠢᠳᠴᠢᠯᠠᠨ ᠰᠡᠷᠭᠡᠶᠢᠯᠡᠬᠦ ᠬᠡᠯᠲᠡᠰ ᠦᠨ ᠳᠠᠷᠤᠭ᠎ᠠ᠂ ᠬᠤᠷᠠᠩᠳᠠ ᠭ ∙ ᠨᠡᠷᠡᠭᠦᠢ᠄ ᠪᠣᠷᠣᠭᠠᠨ ᠤ ᠤᠯᠠᠷᠢᠯ ᠡᠬᠢᠯᠡᠵᠦ᠂ ᠭᠣᠣᠯ ᠤᠰᠤᠨ ᠤ ᠦᠶᠡᠷ ᠭᠠᠷᠴᠤ ᠪᠠᠢᠨ᠎ᠠ᠃ ᠴᠠᠭ ᠠᠭᠤᠷ ᠤᠨ ᠪᠠᠶᠢᠭᠤᠯᠤᠯᠭ᠎ᠠ ᠠᠴᠠ ᠣᠶᠢᠷ᠎ᠠ ᠶᠢᠨ ᠡᠳᠦᠷ ᠦᠳ ᠲᠦ +30 ᠭᠷᠡᠳᠦ᠋ᠰ ᠬᠦᠷᠴᠦ ᠬᠠᠯᠠᠬᠤ ᠶᠢ ᠠᠩᠬᠠᠷᠤᠭᠤᠯᠵᠤ ᠪᠠᠶᠢᠭ᠎ᠠ᠃ ᠡᠳᠡᠭᠡᠷ ᠡᠳᠦᠷ ᠦᠳ ᠲᠦ ᠢᠷᠭᠡᠳ ᠭᠡᠷ ᠪᠦᠯᠢ ᠪᠡᠷ ᠢᠶᠡᠨ ᠭᠣᠣᠯ ᠳᠠᠭᠠᠤ ᠠᠮᠠᠷᠠᠵᠤ᠂ ᠵᠤᠭᠠᠯᠠᠬᠤ ᠨᠢ ᠶᠡᠬᠡᠰᠳᠡᠭ᠃ ᠤᠯᠠᠮ ᠢᠶᠠᠷ ᠭᠣᠣᠯ᠂ ᠤᠰᠤᠨ ᠳᠤ ᠡᠷᠡᠰᠳᠡᠵᠦ ᠠᠮᠢ ᠨᠠᠰᠤ ᠪᠠᠨ ᠠᠯᠳᠠᠬᠤ ᠲᠣᠬᠢᠶᠠᠯᠳᠤᠯ ᠶᠡᠬᠡ ᠭᠠᠷᠳᠠᠭ᠃ ᠡᠶᠢᠮᠦ ᠳᠦ ᠡᠨᠡ ᠰᠠᠷ᠎ᠠ ᠶᠢᠨ 15  ᠠᠴᠠ ᠡᠬᠢᠯᠡᠭᠡᠳ ᠵᠠᠪᠢᠳᠤ ᠡᠷᠭᠢᠭᠦᠯ ᠲᠤᠤᠯᠠ᠂ ᠬᠡᠷᠦᠯᠦᠨ ᠭᠣᠣᠯ ᠳᠠᠭᠠᠤ ᠶᠠᠪᠤᠵᠤ ᠢᠷᠭᠡᠳ ᠢ ᠤᠰᠤᠨ ᠳᠤ ᠣᠰᠣᠯᠳᠠᠵᠤ ᠡᠷᠡᠰᠳᠡᠬᠦ ᠡᠴᠡ ᠬᠠᠮᠠᠭᠠᠯᠠᠨ᠎ᠠ᠃ ᠵᠠᠪᠢᠳᠤ ᠡᠷᠭᠢᠭᠦᠯ ᠢ ᠶᠢᠰᠦᠳᠦᠭᠡᠷ ᠰᠠᠷ᠎ᠠ ᠶᠢᠨ 10 ᠬᠦᠷᠲᠡᠯ᠎ᠡ ᠠᠵᠢᠯᠯᠠᠭᠤᠯᠤᠨ᠎ᠠ ᠭᠡᠯ᠎ᠡ᠃

ᠰᠡᠳᠬᠢᠭᠳᠡᠯ ᠦᠯᠡᠳᠡᠭᠡᠬᠦ