︽ᠮᠡᠷᠭᠡᠳ︾ᠰᠤᠷᠭᠠᠭᠤᠯᠢ ᠳᠤ ᠶᠠᠫᠣᠨ ᠬᠡᠯᠡᠨ ᠦ ᠴᠠᠬᠢᠮ ᠲᠠᠩᠬᠢᠮ ᠢ ᠪᠠᠶᠢᠭᠤᠯᠤᠯ᠎ᠠ | News.MN

︽ᠮᠡᠷᠭᠡᠳ︾ᠰᠤᠷᠭᠠᠭᠤᠯᠢ ᠳᠤ ᠶᠠᠫᠣᠨ ᠬᠡᠯᠡᠨ ᠦ ᠴᠠᠬᠢᠮ ᠲᠠᠩᠬᠢᠮ ᠢ ᠪᠠᠶᠢᠭᠤᠯᠤᠯ᠎ᠠ

ᠦᠪᠦᠷᠬᠠᠩᠭᠠᠢ ᠠᠢᠮᠠᠭ ᠤᠨ ᠤᠯᠤᠰ ᠤᠨ ᠲᠡᠷᠢᠭᠦᠨ ᠦ ᠯᠠᠪᠤᠷᠠᠲ᠋ᠣᠷᠢ︽ᠮᠡᠷᠭᠡᠳ︾ᠰᠤᠷᠭᠠᠭᠤᠯᠢ ᠳᠤ ᠶᠠᠫᠣᠨ ᠬᠡᠯᠡᠨ ᠦ ᠴᠠᠬᠢᠮ ᠲᠠᠩᠬᠢᠮ ᠢ ᠪᠠᠶᠢᠭᠤᠯᠵᠤ᠂ ᠢᠵᠢ ᠪᠦᠷᠢᠨ ᠲᠣᠨᠣᠭ ᠲᠥᠬᠥᠭᠡᠷᠦᠮᠵᠢ ᠪᠡᠷ ᠬᠠᠩᠭᠠᠯ᠎ᠠ᠃ ᠶᠠᠫᠣᠨ ᠤᠯᠤᠰ ᠤᠨ ᠵᠠᠰᠠᠭ ᠤᠨ ᠭᠠᠵᠠᠷ ᠤᠨ《ᠰᠤᠶᠤᠯ ᠤᠨ ᠡᠪᠡᠰᠦᠨ ᠦ ᠦᠨᠳᠦᠰᠦ》ᠲᠥᠰᠥᠯ ᠦᠨ ᠪᠤᠴᠠᠯᠲᠠ ᠦᠭᠡᠢ ᠲᠤᠰᠠᠯᠠᠮᠵᠢ ᠪᠣᠯᠬᠤ 114 ᠰᠠᠶ᠎ᠠ᠂ ᠠᠶᠢᠮᠠᠭ ᠤᠨ ᠲᠥᠰᠥᠪ ᠦᠨ 53 ᠰᠠᠶ᠎ᠠ ᠲᠥᠭᠥᠷᠢᠭ ᠦᠨ ᠥᠷᠲᠡᠭ ᠢᠶᠡᠷ ᠣᠯᠠᠨ ᠤᠯᠤᠰ ᠤᠨ u-class ᠫᠷᠦᠭᠷᠡᠮ ᠳᠤ ᠬᠣᠯᠪᠣᠭᠳᠠᠭᠰᠠᠨ᠂ ᠤᠬᠠᠭᠠᠯᠢᠭ ᠳᠡᠯᠭᠡᠴᠡ ᠪᠦᠬᠦᠢ 37 ᠺᠤᠮᠫᠢᠦ᠋ᠲ᠋ᠧᠷ ᠢ ᠫᠷᠢᠨᠲ᠋ᠧᠷ ᠦᠨ ᠬᠠᠮᠲᠤ ᠰᠠᠭᠤᠷᠢᠯᠠᠭᠤᠯᠵᠤ᠂ ᠰᠤᠷᠤᠭᠴᠢᠳ ᠲᠤ ᠶᠠᠫᠣᠨ ᠬᠡᠯᠡ ᠶᠢ ᠪᠣᠭᠣᠨᠢ ᠬᠤᠭᠤᠴᠠᠭᠠᠨ ᠳᠤ ᠴᠢᠨᠠᠷ ᠲᠠᠢ ᠰᠤᠷᠬᠤ ᠣᠷᠴᠢᠨ ᠨᠥᠬᠥᠴᠡᠯ ᠢ ᠪᠦᠷᠢᠳᠦᠭᠦᠯᠵᠦ ᠪᠠᠶᠢᠨ᠎ᠠ᠃
ᠲᠤᠰ ᠠᠷᠭ᠎ᠠ ᠬᠡᠮᠵᠢᠶᠡᠨ ᠳᠦ ᠶᠠᠫᠣᠨ ᠤᠯᠤᠰ ᠠᠴᠠ ᠮᠣᠩᠭᠣᠯ ᠤᠯᠤᠰ ᠲᠤ ᠰᠠᠭᠤᠭ᠎ᠠ ᠣᠨᠴᠠ ᠪᠥᠭᠡᠳ ᠪᠦᠷᠢᠨ ᠡᠷᠬᠡᠲᠦ ᠡᠯᠴᠢᠨ ᠰᠠᠶᠢᠳ ᠬ ∙ ᠺᠣᠪᠠᠶᠠᠰᠢ ᠭᠡᠷᠭᠡᠢ ᠶᠢᠨ ᠬᠠᠮᠲᠤ ᠣᠷᠣᠯᠴᠠᠵᠤ᠂ ᠶᠠᠫᠣᠨ᠂ ᠮᠣᠩᠭᠣᠯ ᠤᠨ ᠨᠠᠶᠢᠷᠠᠮᠳᠠᠯ ᠳᠤ ᠬᠠᠷᠢᠯᠴᠠᠭ᠎ᠠ ᠶᠢ ᠪᠠᠲᠤᠳᠬᠠᠬᠤ ᠳᠤ︽ᠮᠡᠷᠭᠡᠳ︾ ᠯᠠᠪᠤᠷᠠᠲ᠋ᠣᠷᠢ ᠰᠤᠷᠭᠠᠭᠤᠯᠢ ᠶᠢᠨ ᠬᠠᠮᠲᠤ ᠣᠯᠠᠨ ᠴᠢᠬᠤᠯᠠ ᠬᠤᠪᠢ ᠨᠡᠮᠡᠷᠢ ᠣᠷᠣᠭᠤᠯᠵᠤ ᠠᠵᠢᠯᠯᠠᠳᠠᠭ ᠢ ᠣᠨᠴᠠᠯᠠᠨ ᠲᠠᠯᠠᠷᠬᠠᠯ ᠢᠯᠡᠷᠬᠡᠶᠢᠯᠡᠭᠰᠡᠨ ᠶᠤᠮ᠃

ᠰᠡᠳᠬᠢᠭᠳᠡᠯ ᠦᠯᠡᠳᠡᠭᠡᠬᠦ