ᠱ ∙ ᠡᠩᠬᠡᠠᠤᠳᠤ ᠰᠠᠨ ᠹᠷᠠᠨᠼᠢᠰᠺᠣ ᠶᠢ ᠰᠣᠩᠭᠣᠵᠠᠢ | News.MN

ᠱ ∙ ᠡᠩᠬᠡᠠᠤᠳᠤ ᠰᠠᠨ ᠹᠷᠠᠨᠼᠢᠰᠺᠣ ᠶᠢ ᠰᠣᠩᠭᠣᠵᠠᠢ

ᠮᠣᠩᠭᠣᠯ ᠤᠨ ᠮᠠᠶᠢᠺ ᠪᠤᠶᠤ ᠰᠢᠷᠠᠪᠵᠠᠮᠰᠤ ᠶᠢᠨ ᠡᠩᠬᠡᠠᠤᠳᠤ NBA  ᠦᠨ ᠡᠨᠡ ᠣᠨ ᠤ ᠳ᠋ᠷᠠᠹᠲ ᠲᠤ ᠨᠡᠷ᠎ᠡ ᠪᠡᠨ ᠳᠡᠪᠰᠢᠭᠦᠯᠦᠭᠰᠡᠨ ᠴᠤ ᠡᠷᠭᠢᠵᠦ ᠲᠠᠲᠠᠭᠰᠠᠨ ᠪᠢᠯᠡ᠃ NCAA  ᠦᠨ ᠨᠢᠭᠡᠳᠦᠭᠡᠷ ᠳ᠋ᠢᠸᠢᠽᠢᠶᠤᠨ ᠤ ᠪᠠᠭ ᠲᠤ ᠲᠣᠭᠯᠠᠭᠰᠠᠨ ᠮᠣᠩᠭᠣᠯ ᠤᠨ ᠠᠩᠬᠠᠨ ᠤ ᠰᠠᠭᠰᠤᠨ ᠪᠥᠮᠪᠦᠭᠡᠴᠢ ᠲᠡᠷᠡᠪᠡᠷ NBA  ᠳᠦ ᠲᠣᠭᠯᠠᠬᠤ ᠪᠣᠯᠤᠮᠵᠢ ᠪᠠᠨ ᠤᠯᠠᠮ ᠪᠠᠲᠤᠳᠬᠠᠬᠤ᠂ ᠢᠯᠡᠭᠦᠦ ᠨᠠᠶᠢᠳᠠᠪᠤᠷᠢᠲᠠᠢ ᠦᠶ᠎ᠡ ᠳᠦ ᠪᠡᠨ ᠳ᠋ᠷᠠᠹᠲ ᠲᠤ ᠳᠠᠬᠢᠨ ᠤᠷᠤᠬᠤ ᠵᠣᠷᠢᠯᠭ᠎ᠠ ᠲᠠᠢ ᠪᠠᠷ ᠠᠮᠧᠷᠢᠺᠠ ᠶᠢᠨ ᠣᠶᠤᠲᠠᠨ ᠤ ᠨᠢᠭᠡᠳᠦᠭᠡᠷ ᠳ᠋ᠢᠸᠢᠽᠢᠶᠤᠨ  ᠳᠦ ᠳᠠᠬᠢᠨ ᠲᠣᠭᠯᠠᠬᠤ ᠪᠠᠷ ᠰᠢᠢᠳᠪᠦᠷᠢᠯᠡᠭᠰᠡᠨ ᠶᠤᠮ᠃
ᠤᠯᠠᠮ ᠢᠶᠠᠷ ᠢᠨᠳᠢᠶᠠᠨ᠎ᠠ᠂ ᠮᠧᠮᠹᠢᠰ᠂ ᠨᠧᠪᠷᠠᠰᠺᠠ᠂ ᠫᠲ᠋ᠲ᠋ᠰᠪᠦᠷ᠂ ᠰᠠᠨ ᠹᠷᠠᠨᠼᠢᠰᠺᠣ ᠭᠡᠰᠡᠨ ᠲᠠᠪᠤᠨ ᠰᠣᠩᠭᠣᠯᠲᠠ ᠠᠴᠠ University of San Francisco ᠶᠡᠬᠡ ᠰᠤᠷᠭᠠᠭᠤᠯᠢ ᠶᠢᠨ San Francisco Dons ᠪᠠᠭ ᠲᠤ ᠲᠣᠭᠯᠠᠬᠤ ᠪᠠᠷ ᠰᠣᠩᠭᠣᠯᠲᠠ ᠪᠠᠨ ᠬᠢᠵᠡᠢ᠃

ᠰᠡᠳᠬᠢᠭᠳᠡᠯ ᠦᠯᠡᠳᠡᠭᠡᠬᠦ