《ᠮᠣᠩᠭᠣᠯ ᠤᠨ ᠰᠠᠶᠢᠬᠠᠨ ᠣᠷᠣᠨ》ᠲᠣᠭᠯᠠᠯᠲᠠ ᠪᠠᠨ ᠰᠢᠨ᠎ᠡ ᠲᠥᠷᠬᠥ ᠲᠡᠢ ᠪᠡᠷ ᠲᠣᠯᠢᠯᠠᠭᠤᠯᠤᠨ᠎ᠠ | News.MN

《ᠮᠣᠩᠭᠣᠯ ᠤᠨ ᠰᠠᠶᠢᠬᠠᠨ ᠣᠷᠣᠨ》ᠲᠣᠭᠯᠠᠯᠲᠠ ᠪᠠᠨ ᠰᠢᠨ᠎ᠡ ᠲᠥᠷᠬᠥ ᠲᠡᠢ ᠪᠡᠷ ᠲᠣᠯᠢᠯᠠᠭᠤᠯᠤᠨ᠎ᠠ

ᠦᠨᠳᠦᠰᠦᠨ ᠦ ᠤᠷᠠᠯᠢᠭ ᠤᠨ ᠶᠡᠬᠡ ᠲᠢᠶᠠᠲ᠋ᠷ ᠤᠨ ᠤᠷᠠᠨ ᠪᠦᠲᠦᠭᠡᠯᠴᠢᠳ ᠭᠠᠳᠠᠭᠠᠳᠤ ᠳᠣᠲᠣᠭᠠᠳᠤ ᠶᠢᠨ ᠵᠢᠭᠤᠯᠴᠢᠳ ᠲᠤ ᠵᠣᠷᠢᠭᠤᠯᠤᠭᠰᠠᠨ《ᠮᠣᠩᠭᠣᠯ ᠤᠨ ᠰᠠᠶᠢᠬᠠᠨ ᠣᠷᠣᠨ》ᠲᠣᠭᠯᠠᠯᠲᠠ ᠪᠠᠨ ᠰᠢᠨ᠎ᠡ ᠥᠩᠭᠡ ᠲᠥᠷᠬᠥ ᠲᠡᠢ ᠪᠡᠷ ᠡᠨᠡ ᠰᠠᠷ᠎ᠠ ᠶᠢᠨ ᠬᠤᠷᠢᠨ ᠠᠴᠠ ᠲᠣᠯᠢᠯᠠᠭᠤᠯᠤᠨ᠎ᠠ᠃
ᠮᠣᠩᠭᠣᠯ ᠤᠯᠤᠰ ᠤᠨ ᠲᠤᠰᠠᠭᠠᠷ ᠲᠣᠭᠲᠠᠨᠢᠯ ᠤᠨ ᠪᠡᠯᠭᠡ ᠲᠡᠮᠳᠡᠭ ᠪᠣᠯᠤᠭᠰᠠᠨ ᠣᠯᠠᠨ ᠮᠢᠩᠭᠠᠨ ᠵᠢᠯ ᠦᠨ ᠲᠡᠦᠬᠡᠲᠦ ᠨᠡᠭᠦᠳᠡᠯᠴᠢᠳ ᠦᠨ ᠠᠬᠤᠢ ᠰᠤᠶᠤᠯ ᠢ ᠡᠷᠲᠡ ᠦᠶ᠎ᠡ ᠡᠴᠡ ᠥᠨᠥ ᠴᠠᠭ ᠬᠦᠷᠲᠡᠯ᠎ᠡ ᠥᠪᠯᠡᠨ ᠲᠡᠭᠡᠭᠡᠵᠦ ᠦᠨᠳᠦᠰᠦᠲᠡᠨ ᠦ ᠪᠠᠬᠠᠷᠬᠠᠯ ᠪᠣᠯᠤᠭᠰᠠᠨ ᠳᠠᠭᠤᠤ ᠬᠤᠭᠤᠷ᠂ ᠪᠦᠵᠢᠭ ᠨᠠᠭᠠᠳᠤᠮ᠂ ᠶᠣᠰᠣ ᠵᠠᠩᠰᠢᠯ ᠢᠶᠠᠨ ᠳᠡᠭᠡᠳᠦᠯᠡᠭᠰᠡᠨ ᠤᠷᠠᠨ ᠪᠦᠲᠦᠭᠡᠯ ᠦᠳ ᠲᠤ ᠥᠨᠢ ᠡᠷᠲᠡᠨ ᠦ ᠲᠥᠷᠥᠳᠦ ᠤᠯᠤᠰ ᠾᠦᠩᠨᠤ ᠭᠦᠷᠦᠨ ᠡᠴᠡ ᠤᠯᠪᠠᠭ᠎ᠠ ᠲᠠᠢ ᠬᠥᠭ ᠠᠶᠠᠯᠭᠤ ᠡᠭᠡᠰᠢᠭᠯᠡᠵᠦ᠂ ᠶᠡᠬᠡ ᠮᠣᠩᠭᠣᠯ ᠶᠡᠬᠡ ᠬᠠᠭᠠᠳ ᠤᠨ ᠣᠷᠳᠣ ᠥᠷᠭᠦᠭᠡᠨ ᠳᠦ ᠡᠭᠡᠰᠢᠭᠯᠡᠵᠦ ᠪᠠᠶᠢᠭᠰᠠᠨ ᠲᠥᠷᠥ ᠶᠢᠨ ᠨᠠᠶᠢᠷᠠᠯ ᠤᠨ ᠡᠭᠡᠰᠢᠭ ᠠᠶᠠᠯᠭᠤᠨ ᠳᠤ ᠶᠣᠰᠣᠯᠠᠯ ᠬᠦᠨᠳᠦᠳᠬᠡᠯ ᠲᠡᠢ ᠪᠦᠵᠢᠵᠦ᠂ ᠡᠨᠡᠬᠡᠨ ᠽᠠᠮᠪᠤᠲᠢᠪ ᠢᠶᠡᠨ ᠠᠷᠭᠠᠳᠠᠭᠰᠠᠨ ᠳᠠᠭᠤᠤ ᠲᠦᠷᠢᠯᠭᠡ ᠪᠡᠷ ᠦᠵᠡᠭᠴᠢᠳ ᠦᠨ ᠰᠣᠨᠣᠷ ᠮᠡᠯᠮᠡᠢ ᠶᠢ ᠪᠠᠶᠠᠰᠬᠠᠬᠤ ᠶᠤᠮ᠃ ᠲᠣᠭᠯᠠᠯᠲᠠ ᠳᠤ ᠵᠠᠭᠤᠨ ᠤ ᠮᠠᠩᠯᠠᠢ ᠤᠷᠲᠤ ᠶᠢᠨ ᠳᠠᠭᠤᠴᠢ ᠨ∙ᠨᠣᠷᠪᠤᠪᠠᠩᠵᠠᠳ ᠤᠨ ᠨᠡᠷᠡᠮᠵᠢᠲᠦ ᠳᠠᠭᠤᠴᠢᠳ᠂ ᠵᠠᠭᠤᠨ ᠤ ᠮᠠᠩᠯᠠᠢ ᠪᠦᠵᠢᠭ ᠲᠢᠭᠯᠡᠭᠴᠢ ᠼ∙ᠰᠡᠪᠵᠢᠳ ᠦᠨ ᠨᠡᠷᠡᠮᠵᠢᠲᠦ ᠪᠦᠵᠢᠭ ᠦᠨ ᠴᠢᠭᠤᠯᠭ᠎ᠠ᠂ ᠤᠷᠠᠨ ᠨᠤᠭᠤᠷᠠᠭᠠᠴᠢᠳ ᠣᠷᠣᠯᠴᠠᠨ᠎ᠠ᠃

ᠰᠡᠳᠬᠢᠭᠳᠡᠯ ᠦᠯᠡᠳᠡᠭᠡᠬᠦ