ᠪ ∙ ᠮᠦᠩᠭᠦᠨᠲᠤᠤᠯᠠ ᠠᠽᠢᠶ᠎ᠠ  ᠶᠢᠨ ᠲᠡᠮᠡᠴᠡᠭᠡᠨ ᠡᠴᠡ ᠬᠦᠷᠡᠯ ᠮᠧᠳᠠᠯ ᠬᠦᠷᠲᠡᠵᠡᠢ | News.MN

ᠪ ∙ ᠮᠦᠩᠭᠦᠨᠲᠤᠤᠯᠠ ᠠᠽᠢᠶ᠎ᠠ  ᠶᠢᠨ ᠲᠡᠮᠡᠴᠡᠭᠡᠨ ᠡᠴᠡ ᠬᠦᠷᠡᠯ ᠮᠧᠳᠠᠯ ᠬᠦᠷᠲᠡᠵᠡᠢ

ᠮᠣᠩᠭᠣᠯ ᠤᠯᠤᠰ ᠤᠨ ᠭᠠᠪᠢᠶᠠᠲᠤ ᠲᠠᠮᠢᠷᠴᠢᠨ ᠪ ∙ᠮᠦᠩᠭᠦᠨᠲᠤᠤᠯᠠ ᠬᠠᠰᠠᠭᠰᠲ᠋ᠠᠨ  ᠳᠦ ᠪᠣᠯᠵᠤ ᠥᠩᠭᠡᠷᠡᠭᠰᠡᠨ ᠠᠽᠢᠶ᠎ᠠ ᠲᠢᠪ ᠦᠨ ᠠᠪᠤᠷᠭᠤ ᠰᠢᠯᠭᠠᠷᠠᠭᠤᠯᠬᠤ ᠠᠷᠪᠠᠨ ᠨᠠᠢ᠌ᠮᠠᠳᠤᠭᠠᠷ ᠤᠳᠠᠭ᠎ᠠ ᠶᠢᠨ ᠲᠡᠮᠡᠴᠡᠭᠡᠨ ᠦ ᠡᠮᠡᠭᠲᠡᠢ ᠠᠩᠭᠢᠯᠠᠯ ᠳᠤ ᠬᠦᠷᠡᠯ ᠮᠧᠳᠠᠯ ᠬᠦᠷᠲᠡᠯ᠎ᠡ᠃
ᠲᠡᠮᠡᠴᠡᠭᠡᠨ ᠦ ᠡᠮᠡᠭᠲᠡᠢ ᠠᠩᠭᠢᠯᠠᠯ ᠢ ᠴᠢᠨᠰᠠᠭ᠎ᠠ ᠪᠠᠷ ᠢᠶᠠᠨ ᠲᠡᠷᠢᠭᠦᠯᠡᠭᠰᠡᠨ ᠲᠡᠷᠡ 9 ᠥᠷᠥᠭ ᠲᠣᠭᠯᠠᠵᠤ 6.5 ᠬᠣᠵᠢᠯ ᠲᠠᠢ ᠭᠤᠲᠠᠭᠠᠷ ᠪᠠᠶᠢᠷᠢᠨ ᠳᠤ ᠪᠢᠴᠢᠭᠳᠡᠵᠦ᠂ ᠲᠢᠪ ᠦᠨ ᠠᠪᠤᠷᠭᠤ ᠰᠢᠯᠭᠠᠷᠠᠭᠤᠯᠬᠤ ᠲᠡᠮᠡᠴᠡᠭᠡᠨ ᠡᠴᠡ ᠬᠦᠷᠲᠡᠭᠰᠡᠨ ᠮᠣᠩᠭᠣᠯ ᠤᠯᠤᠰ ᠤᠨ ᠬᠤᠶᠠᠳᠠᠬᠢ ᠮᠧᠳᠠᠯ ᠤᠨ ᠡᠵᠡᠨ ᠢᠶᠡᠷ ᠲᠣᠳᠣᠷᠠᠯ᠎ᠠ᠃ ᠮᠦᠩᠭᠦᠨᠲᠤᠤᠯᠠ ᠠᠽᠢᠶ᠎ᠠ ᠲᠢᠪ ᠦᠨ ᠠᠪᠤᠷᠭᠤ ᠰᠢᠯᠭᠠᠷᠠᠭᠤᠯᠬᠤ ᠲᠡᠮᠡᠴᠡᠭᠡᠨ ᠡᠴᠡ ᠬᠦᠷᠡᠯ ᠮᠧᠳᠠᠯ ᠬᠦᠷᠲᠡᠭᠰᠡᠨ ᠢᠶᠡᠷ 2023 ᠣᠨ ᠤ 《ᠳᠡᠯᠡᠬᠡᠢ ᠶᠢᠨ ᠴᠣᠮᠣ》ᠲᠡᠮᠡᠴᠡᠭᠡᠨ ᠳᠦ ᠤᠷᠤᠯᠴᠠᠬᠤ ᠡᠷᠬᠡ ᠪᠡᠨ ᠪᠠᠲᠤᠯᠠᠭᠠᠵᠢᠭᠤᠯᠵᠤ ᠪᠠᠶᠢᠭ᠎ᠠ ᠶᠤᠮ᠃

 

ᠰᠡᠳᠬᠢᠭᠳᠡᠯ ᠦᠯᠡᠳᠡᠭᠡᠬᠦ