《ᠵᠠᠬᠠᠴᠢᠨ ᠤ ᠲᠡᠦᠬᠡ᠂ ᠱᠠᠰᠢᠨ᠂ ᠥᠪ ᠰᠤᠶᠤᠯ》 ᠤᠨ ᠣᠯᠠᠨ ᠤᠯᠤᠰ ᠤᠨ ᠡᠷᠳᠡᠮ ᠰᠢᠨᠵᠢᠯᠡᠭᠡᠨ ᠦ ᠬᠤᠷᠠᠯ ᠮᠣᠩᠭᠣᠯ ᠤᠨ ᠪᠤᠷᠬᠠᠨ ᠱᠠᠰᠢᠨᠲᠠᠨ ᠤ ᠲᠥᠪ ᠭᠠᠨᠳᠠᠨᠳᠡᠭᠴᠢᠯᠡᠨ ᠬᠡᠶᠢᠳ ᠲᠦ 6 ᠳ᠋ᠤᠭᠠᠷ ᠰᠠᠷ᠎ᠠ ᠶᠢᠨ 9 ᠳᠦ ᠪᠣᠯᠤᠯ᠎ᠠ᠃ ᠤᠭ ᠬᠤᠷᠠᠯ ᠳᠤ ᠮᠣᠩᠭᠣᠯ᠂ ᠬᠠᠩᠭᠠᠷᠢ᠂ ᠴᠧᠾ᠂ ᠣᠷᠣᠰ᠂ ᠬᠢᠲᠠᠳ ᠲᠠᠪᠤᠨ ᠤᠯᠤᠰ ᠤᠨ ᠡᠷᠳᠡᠮᠲᠡᠳ ᠦᠨ ᠵᠠᠬᠠᠴᠢᠨ ᠰᠤᠳᠤᠯᠤᠯ ᠢᠶᠠᠷ ᠬᠢᠭᠰᠡᠨ 16 ᠰᠤᠳᠤᠯᠭᠠᠨ ᠤ ᠢᠯᠡᠳᠬᠡᠯ ᠬᠡᠯᠡᠯᠴᠡᠭᠦᠯᠪᠡ᠃
ᠡᠨᠡ ᠦᠶ᠎ᠡ ᠪᠡᠷ ᠬᠣᠪᠳᠣ ᠠᠶᠢᠮᠠᠭ ᠤᠨ ᠮᠠᠩᠬᠠᠨ ᠰᠤᠮᠤ ᠶᠢᠨ ᠬᠠᠷᠢᠶᠠᠲᠤ᠂ ᠮᠣᠩᠭᠣᠯ ᠤᠯᠤᠰ ᠤᠨ ᠰᠢᠨᠵᠢᠯᠡᠬᠦ ᠤᠬᠠᠭᠠᠨ ᠤ ᠭᠠᠪᠢᠶᠠᠲᠤ ᠵᠢᠳᠬᠦᠯᠲᠡᠨ᠂ ᠰᠢᠨᠵᠢᠯᠡᠬᠦ ᠤᠬᠠᠭᠠᠨ ᠤ ᠠᠺᠠᠳ᠋ᠸᠮᠢ ᠶᠢᠨ ᠬᠡᠯᠡ ᠵᠣᠬᠢᠶᠠᠯ ᠤᠨ ᠬᠦᠷᠢᠶᠡᠯᠡᠩ ᠦᠨ ᠡᠷᠳᠡᠮᠲᠡᠨ᠂ ᠳ᠋ᠣᠺᠲ᠋ᠣᠷ᠂ ᠳᠡᠳ᠋ ᠫᠷᠣᠹᠧᠰᠰᠣᠷ ᠡ᠊ ∙ ᠫᠦᠷᠪᠦᠵᠠᠪ ᠠᠭᠰᠠᠨ ᠤ ᠨᠣᠮ᠂ ᠪᠦᠲᠦᠭᠡᠯ ᠦᠨ ᠦᠵᠡᠰᠬᠦᠯᠡᠩ ᠢ ᠥᠬᠢᠨ ᠫ ∙ ᠰᠤᠶᠤᠯᠮ᠎ᠠ ᠲᠠᠢ ᠬᠠᠮᠲᠤᠷᠠᠨ ᠭᠠᠷᠭᠠᠪᠠ᠃ ᠮᠥᠨ 《ᠶᠡᠬᠡ ᠵᠠᠬᠠᠴᠢᠳ》 ᠲᠥᠰᠥᠯ ᠦᠨ ᠬᠦᠷᠢᠶᠡᠨ ᠳᠦ ᠬᠢᠭᠰᠡᠨ ᠠᠵᠢᠯ ᠤᠳ ᠤᠨ ᠲᠠᠢᠯᠤᠨ ᠤ ᠦᠵᠡᠰᠬᠦᠯᠡᠩ᠂ ᠵᠠᠬᠠᠴᠢᠨ ᠰᠤᠮᠤᠨ ᠳᠤ ᠪᠠᠶᠢᠭ᠎ᠠ ᠪᠡᠶᠡᠲᠦ ᠪᠣᠯᠤᠨ ᠪᠡᠶᠡᠲᠦ ᠪᠤᠰᠤ ᠥᠪ ᠰᠤᠶᠤᠯ ᠤᠨ ᠦᠵᠡᠰᠬᠦᠯᠡᠩ ᠢ ᠳᠡᠯᠭᠡᠵᠦ ᠤᠯᠠᠨ ᠳᠤ ᠬᠦᠷᠭᠡᠪᠡ᠃