ᠭᠣᠪᠢ ᠶᠢᠨ ᠲᠠᠪᠤᠳᠤᠭᠠᠷ ᠳᠦᠷᠢ ᠶᠢᠨ ᠨᠣᠶᠠᠨ ᠬᠤᠲᠤᠭᠲᠤ ᠯᠤᠪᠰᠠᠩᠳᠠᠨᠽᠠᠨᠷᠠᠪᠵᠠᠢ ᠶᠢᠨ ᠮᠡᠨᠳᠦᠯᠡᠭᠰᠡᠨ ᠦ 220 ᠵᠢᠯ ᠦᠨ ᠣᠢ ᠶᠢ ᠤᠭᠲᠤᠭᠰᠠᠨ︽ᠨᠣᠶᠠᠨ ᠬᠤᠲᠤᠭᠲᠤ ᠶᠢᠨ ᠥᠪ᠄ ᠥᠩᠭᠡᠷᠡᠭᠰᠡᠨ᠂ ᠣᠳᠣ᠂ ᠢᠷᠡᠭᠡᠳᠦᠢ》ᠣᠯᠠᠨ ᠤᠯᠤᠰ ᠤᠨ ᠡᠷᠳᠡᠮ ᠰᠢᠨᠵᠢᠯᠡᠭᠡᠨ ᠦ ᠬᠤᠷᠠᠯ《ᠴᠢᠩᠭᠢᠰ ᠬᠠᠭᠠᠨ》ᠦᠨᠳᠦᠰᠦᠨ ᠦ ᠮᠦᠽᠧᠢ ᠳᠦ ᠥᠨᠥᠳᠥᠷ ᠪᠣᠯᠵᠤ ᠪᠠᠶᠢᠨ᠎ᠠ᠃ ᠬᠤᠷᠠᠯ ᠳᠤ ᠮᠣᠩᠭᠣᠯ ᠤᠯᠤᠰ᠂ ᠬᠢᠲᠠᠳ ᠂ ᠣᠷᠣᠰ ᠂ ᠰᠸᠢᠰ ᠤᠨ ᠬᠣᠯᠪᠣᠭᠠᠨ ᠤ ᠤᠯᠤᠰ᠂ ᠬᠠᠩᠭᠠᠷᠢ ᠤᠯᠤᠰ ᠤᠨ 38 ᠡᠷᠳᠡᠮᠲᠡᠨ᠂ ᠰᠤᠳᠤᠯᠤᠭᠠᠴᠢᠳ ᠣᠷᠣᠯᠴᠠᠵᠤ᠂ ᠡᠷᠳᠡᠮ ᠰᠢᠨᠵᠢᠯᠡᠭᠡᠨ ᠦ ᠪᠦᠲᠦᠭᠡᠯ ᠢᠶᠡᠨ ᠲᠣᠯᠢᠯᠠᠭᠤᠯᠵᠤ ᠪᠤᠢ᠃
ᠨᠣᠶᠠᠨ ᠬᠤᠲᠤᠭᠲᠤ ᠯᠤᠪᠰᠠᠩᠳᠠᠨᠽᠠᠨᠷᠠᠪᠵᠠᠢ ᠪᠤᠯ ᠮᠣᠩᠭᠣᠯ ᠤᠨ ᠲᠡᠦᠬᠡᠨ ᠳᠦ ᠠᠩᠬᠠᠨ ᠤ ᠮᠦᠽᠧᠢ ᠶᠢ ᠦᠨᠳᠦᠰᠦᠯᠡᠭᠴᠢ᠂ ᠰᠤᠷᠭᠠᠨ ᠬᠦᠮᠦᠵᠢᠭᠦᠯᠦᠭᠴᠢ᠂ ᠪᠤᠷᠬᠠᠨ ᠤ ᠱᠠᠰᠢᠨ ᠢ ᠰᠢᠨᠡᠴᠢᠯᠡᠭᠴᠢ᠂ ᠡᠮᠡᠭᠲᠡᠢ ᠬᠦᠮᠦᠨ ᠢ ᠳᠡᠭᠡᠳᠦᠯᠡᠬᠦ ᠦᠵᠡᠯᠲᠡᠨ᠂ ᠨᠡᠶᠢᠭᠡᠮ᠂ ᠱᠠᠰᠢᠨ ᠲᠥᠷᠥ ᠶᠢᠨ ᠵᠢᠳᠬᠦᠯᠲᠡᠨ᠂ ᠭᠦᠨ ᠤᠬᠠᠭᠠᠨᠲᠠᠨ᠂ ᠵᠣᠬᠢᠶᠠᠯᠴᠢ᠂ ᠢᠷᠠᠭᠤ ᠨᠠᠶᠢᠷᠠᠭᠴᠢ᠂ ᠨᠠᠶᠢᠷᠠᠭᠤᠯᠤᠭᠴᠢ᠂ ᠵᠢᠷᠤᠭᠠᠴᠢ᠂ ᠡᠮ ᠪᠠᠷᠢᠭᠴᠢ᠂ ᠠᠶ᠎ᠠ ᠵᠣᠬᠢᠶᠠᠭᠴᠢ᠂ ᠰᠣᠶᠣᠨ ᠭᠡᠭᠡᠷᠡᠭᠦᠯᠦᠭᠴᠢ ᠠᠪᠢᠶᠠᠰ ᠪᠢᠯᠢᠭᠲᠦ ᠰᠣᠳᠣ ᠬᠥᠮᠥᠨ ᠪᠠᠶᠢᠭᠰᠠᠨ ᠶᠤᠮ᠃