ᠮᠢᠬᠠᠨ ᠤ ᠦᠨ᠎ᠡ ᠥᠨᠳᠥᠷ ᠪᠠᠶᠢᠨ᠎ᠠ   | News.MN

ᠮᠢᠬᠠᠨ ᠤ ᠦᠨ᠎ᠡ ᠥᠨᠳᠥᠷ ᠪᠠᠶᠢᠨ᠎ᠠ  

ᠬᠦᠨᠡᠰᠦᠨ ᠦ ᠵᠠᠬ᠎ᠠ᠂ ᠳᠡᠯᠭᠡᠭᠦᠷ ᠦᠳ ᠲᠦ ᠮᠢᠬᠠᠨ ᠤ ᠦᠨ᠎ᠡ ᠥᠨᠳᠥᠷ ᠪᠠᠶᠢᠨ᠎ᠠ᠃ ᠬᠠᠪᠤᠷ ᠮᠢᠬᠠᠨ ᠤ ᠬᠣᠮᠰᠠᠳᠠᠯ ᠤᠨ ᠦᠶ᠎ᠡ ᠳᠦ ᠦᠨ᠎ᠡ ᠶᠢᠨ ᠬᠥᠭᠡᠷᠭᠡᠳᠡᠯ ᠢ ᠪᠠᠷᠢᠬᠤ ᠵᠣᠷᠢᠯᠭ᠎ᠠ ᠪᠠᠷ ᠨᠠᠮᠤᠷ ᠮᠢᠬ᠎ᠠ ᠨᠥᠭᠡᠴᠡᠯᠡᠵᠦ᠂ ᠬᠠᠪᠤᠷ ᠬᠤᠳᠠᠯᠳᠤᠭᠠᠯᠠᠳᠠᠭ᠃ ᠡᠨᠡ ᠵᠢᠯ ᠲᠥᠯᠥᠪᠯᠡᠯᠲᠡ ᠶᠢᠨ ᠳᠠᠭᠠᠤ ᠨᠡᠶᠢᠰᠯᠡᠯ ᠳᠦ ᠨᠥᠭᠡᠴᠡ ᠶᠢᠨ ᠮᠢᠬ᠎ᠠ ᠪᠣᠷᠣᠯᠠᠭᠤᠯᠵᠤ ᠪᠤᠢ ᠪᠣᠯᠪᠠᠴᠤ ᠮᠢᠬᠠᠨ ᠤ ᠦᠨ᠎ᠡ ᠡᠮᠦᠨᠡᠬᠢ ᠵᠢᠯ ᠦᠳ ᠡᠴᠡ ᠢᠯᠡᠭᠦᠦ ᠥᠨᠳᠥᠷ ᠦᠨ᠎ᠡ ᠲᠡᠢ ᠪᠠᠶᠢᠨ᠎ᠠ᠃
ᠲᠠᠪᠤᠳᠤᠭᠠᠷ ᠰᠠᠷ᠎ᠠ ᠶᠢᠨ 28  ᠳᠦ《ᠬᠦᠴᠦᠲᠦ ᠱᠣᠩᠬᠣᠷ》ᠬᠤᠳᠠᠯᠳᠤᠭᠠᠨ ᠤ ᠲᠥᠪ ᠲᠦ ᠦᠬᠡᠷ ᠦᠨ ᠭᠤᠶᠠᠨ ᠤ ᠮᠢᠬ᠎ᠠ 26 ᠮᠢᠩᠭ᠎ᠠ᠂ ᠦᠬᠡᠷ ᠦᠨ ᠶᠠᠰᠤ ᠲᠠᠢ ᠮᠢᠬ᠎ᠠ 24 ᠮᠢᠩᠭ᠎ᠠ᠂ ᠬᠣᠨᠢᠨ ᠤ ᠮᠢᠬ᠎ᠠ 16 ᠮᠢᠩᠭᠠᠨ ᠲᠥᠭᠥᠷᠢᠭ ᠦᠨ ᠦᠨ᠎ᠡ ᠲᠡᠢ ᠪᠠᠢᠪᠠ᠃ ᠲᠠᠪᠤᠳᠤᠭᠠᠷ ᠰᠠᠷ᠎ᠠ ᠶᠢᠨ 29  ᠳᠦ ᠨᠥᠭᠡᠴᠡ ᠶᠢᠨ ᠮᠢᠬ᠎ᠠ ᠪᠣᠷᠣᠯᠠᠭᠤᠯᠬᠤ ᠴᠡᠭ ᠲᠦ ᠦᠬᠡᠷ ᠦᠨ ᠶᠠᠰᠤ ᠲᠠᠢ ᠮᠢᠬ᠎ᠠ 11700 ᠲᠥᠭᠥᠷᠢᠭ ᠦᠨ ᠦᠨ᠎ᠡ ᠲᠡᠢ ᠪᠠᠶᠢᠪᠠ᠃

ᠰᠡᠳᠬᠢᠭᠳᠡᠯ ᠦᠯᠡᠳᠡᠭᠡᠬᠦ