3 x 3 ᠰᠠᠭᠰᠤᠨ ᠪᠥᠮᠪᠥᠭᠡ ᠶᠢᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠠᠦᠢᠰᠲᠷᠢ ᠳᠦ ᠡᠬᠢᠯᠡᠯ᠎ᠡ᠃ ᠲᠡᠮᠡᠴᠡᠭᠡᠨ ᠦ C ᠬᠡᠰᠡᠭ ᠲᠦ ᠪᠠᠭᠲᠠᠭᠰᠠᠨ ᠮᠣᠩᠭᠣᠯ ᠤᠨ ᠡᠮᠡᠭᠲᠡᠢ ᠪᠠᠭ ᠡᠬᠢᠨ ᠦ ᠲᠣᠭᠯᠠᠯᠲᠠ ᠪᠠᠨ ᠬᠠᠩᠭᠠᠷᠢ ᠤᠯᠤᠰ ᠲᠠᠢ ᠬᠢᠵᠤ᠂ 19-21 ᠬᠠᠷᠢᠴᠠᠭ᠎ᠠ ᠪᠠᠷ ᠢᠯᠠᠭᠳᠠᠵᠠᠢ᠃
ᠪᠠᠭ ᠤᠨ ᠪᠦᠷᠢᠯᠳᠦᠬᠦᠨ ᠳᠦ ᠰᠢᠨ᠎ᠡ ᠪᠡᠷ ᠪᠠᠭᠲᠠᠭᠰᠠᠨ ᠥᠯᠵᠡᠶᠢᠪᠠᠲᠤ ᠶᠢᠨ ᠢᠨᠳᠠᠷ᠎ᠠ ᠳᠥᠷᠪᠡᠨ ᠤᠳᠠᠭ᠎ᠠ ᠬᠣᠯᠠ ᠶᠢᠨ ᠵᠠᠢ ᠶᠢᠨ ᠰᠢᠳᠡᠯᠲᠡ ᠪᠡᠨ ᠣᠷᠣᠭᠤᠯᠵᠤ ᠨᠡᠶᠢᠲᠡ 12 ᠣᠨᠣᠭ᠎ᠠ ᠠᠪᠴᠤ ᠪᠠᠭ ᠢᠶᠠᠨ ᠲᠡᠷᠢᠭᠦᠯᠡᠭᠰᠡᠨ᠃ ᠲᠡᠳᠡ ᠬᠤᠶᠠᠳᠠᠬᠢ ᠲᠣᠭᠯᠠᠯᠲᠠ ᠪᠠᠨ ᠴᠧᠾ ᠦᠨ ᠡᠰᠡᠷᠭᠦ ᠬᠢᠵᠦ ᠮᠦᠨ ᠢᠯᠠᠭᠳᠠᠵᠠᠢ᠃